ᠰᠣᠯᠤᠩᠭᠤᠰ ᠤᠨ ᠴᠦᠨᠴᠤᠨ ᠬᠣᠲᠠ ᠳᠤ ᠤᠯᠢᠮᠫᠢᠺ ᠤᠨ ᠲᠠᠶᠧᠺᠸᠤᠨᠳᠤ᠋ ᠶᠢᠨ ᠫᠦᠮᠰᠡ ᠲᠥᠷᠥᠯ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠣᠯᠵᠤ ᠪᠡᠢᠨ᠎ᠡ᠃ ᠲᠤᠰ ᠲᠡᠮᠡᠴᠡᠭᠡᠨ ᠳᠤ 83 ᠣᠷᠣᠨ ᠤ 2800 ᠭᠠᠷᠦᠢ ᠲᠠᠮᠢᠷᠴᠢᠨ ᠭᠤᠷᠪᠠᠨ ᠨᠠᠰᠤᠨ ᠤ ᠠᠩᠭᠢᠯᠠᠯ ᠳᠤ ᠥᠷᠢᠰᠦᠯᠳᠦᠵᠦ ᠪᠠᠢᠭ᠎ᠠ ᠶᠤᠮ ᠃
ᠮᠠᠨ ᠤ ᠤᠯᠤᠰ ᠠᠴᠠ ᠲᠤᠰ ᠲᠡᠮᠡᠴᠡᠭᠡᠨ ᠳᠤ 20 ᠣᠷᠴᠢᠮ ᠲᠠᠮᠢᠷᠴᠢᠨ ᠥᠷᠢᠰᠦᠯᠳᠦᠵᠦ ᠪᠠᠢᠭ᠎ᠠ ᠪᠥᠭᠡᠳ ᠥᠴᠥᠭᠡᠳᠦᠷ ᠥᠰᠪᠦᠷᠢ ᠶᠢᠨ ᠠᠩᠭᠢᠯᠠᠯ ᠳᠤ ᠠᠯᠲᠠᠨ ᠮᠧᠳᠠᠯ ᠬᠦᠷᠲᠡᠯ᠎ᠡ ᠃ ᠲᠣᠳᠣᠷᠠᠭᠤᠯᠪᠠᠯ ᠂ ᠥᠰᠪᠦᠷᠢ ᠶᠢᠨ ᠬᠤᠯᠢᠮᠡᠬ ᠬᠣᠣᠰ ᠤᠨ ᠲᠥᠷᠥᠯ ᠳᠤ ᠮᠣᠩᠭᠣᠯ ᠤᠯᠤᠰ ᠤᠨ ᠲᠠᠮᠢᠷᠴᠢᠨ ᠴ∙ ᠰᠢᠨᠡᠡᠷᠳᠡᠨᠢ᠂ ᠣ∙ᠡᠩᠬᠡᠡᠷᠳᠡᠨᠢ ᠨᠠᠷ ᠬᠡᠰᠡᠭ ᠦᠨ ᠱᠠᠲᠤᠨ ᠳᠤ ᠶᠡᠭᠡ ᠪᠷᠢᠲ᠋ᠠᠨ ᠂ ᠭᠸᠷᠮᠡᠠ ᠤᠯᠤᠰ ᠤᠨ ᠲᠠᠮᠢᠷᠴᠢᠳ ᠢ ᠪᠠᠭᠤᠯᠭᠠᠨ ᠠᠪᠴᠤ᠂ ᠬᠦᠷᠡᠯ ᠮᠧᠳᠠᠯ ᠤᠨ ᠲᠥᠯᠥᠭᠡ ᠺᠠᠨᠠᠳᠠ ᠶᠢᠨ ᠬᠣᠣᠰ ᠢ ᠂ ᠮᠥᠩᠭᠥᠨ ᠮᠧᠳᠠᠯ ᠤᠨ ᠲᠥᠯᠥᠭᠡ ᠠᠮᠧᠷᠢᠺᠠ ᠶᠢᠨ ᠲᠠᠮᠢᠷᠴᠢᠳ ᠢ ᠢᠯᠠᠵᠠᠢ ᠃ ᠬᠠᠷᠢᠨ ᠹᠢᠨᠠᠯ ᠤᠨ ᠱᠠᠲᠤᠨ ᠳᠤ ᠲᠠᠢᠯᠠᠨᠳ᠋ ᠲᠠᠮᠢᠷᠴᠢᠳ ᠢ ᠬᠣᠵᠢᠭ᠌ᠰᠠᠨ ᠢᠶᠠᠷ ᠠᠯᠲᠠᠨ ᠮᠧᠳᠠᠯ ᠢᠶᠠᠷ ᠡᠩᠭᠡᠷ ᠢᠶᠡᠨ ᠮᠢᠯᠢᠶᠠᠵᠤ ᠂ ᠲᠥᠷᠦ ᠶᠢᠨ ᠳᠠᠭᠤᠯᠠᠯ ᠢᠶᠠᠨ ᠰᠣᠯᠤᠩᠭᠤᠰ ᠲᠤ ᠡᠭᠡᠰᠢᠭ᠍ᠯᠡᠭᠦᠯᠦᠯᠡ ᠃
ᠢᠩᠭᠢᠭ᠍ᠰᠡᠨ ᠢᠶᠡᠷ ᠮᠣᠩᠭᠣᠯ ᠤᠨ ᠲᠠᠶᠧᠺᠸᠤᠨᠳᠤ᠋ ᠶᠢᠨ ᠬᠣᠯᠪᠤᠭᠠᠨ ᠤ ᠲᠡᠦᠬᠡᠨ ᠳᠤ ᠰᠢᠨ᠎ᠡ ᠬᠠᠭᠤᠳᠠᠰᠤ ᠨᠡᠭᠡᠭᠡᠵᠦ ᠂ ᠤᠯᠢᠮᠫᠢᠺ ᠤᠨ ᠲᠠᠶᠧᠺᠸᠤᠨᠳᠤ᠋ ᠶᠢᠨ ᠫᠦᠮᠰᠡ ᠲᠥᠷᠥᠯ ᠡᠴᠡ ᠠᠩᠬᠠᠨ ᠤ ᠳᠡᠯᠡᠬᠡᠢ ᠶᠢᠨ ᠠᠪᠤᠷᠭᠤ ᠪᠠᠨ ᠦᠯᠦᠭᠡᠢᠢᠳᠡᠨ ᠠᠪᠴᠠᠢ ᠃



