ᠣᠯᠠᠨ ᠤᠯᠤᠰ ᠤᠨ ᠰᠢᠲᠠᠷ᠎ᠠ ᠶᠢᠨ ᠬᠣᠯᠪᠣᠭᠠᠨ ᠠᠴᠠ ᠦᠽᠪᠧᠺᠰᠲ᠋ᠠᠨ ᠤ ᠰᠠᠮᠠᠷᠺᠠᠨᠳ᠋ ᠬᠣᠲᠠ ᠳᠤ ᠬᠥᠭ᠍ᠵᠢᠯ ᠦᠨ ᠪᠡᠷᠬᠡᠰᠢᠶᠡᠯ ᠲᠠᠢ ᠰᠢᠲᠠᠷᠠᠴᠢᠳ ᠤᠨ ᠭᠤᠷᠪᠠᠳᠤᠭᠠᠷ ᠣᠯᠢᠮᠫᠢᠶᠠᠳ᠋ ᠢ ᠵᠣᠬᠢᠶᠠᠨ ᠪᠠᠢᠭᠤᠯᠤᠯ᠎ᠠ᠃
ᠥᠴᠥᠭᠡᠳᠦᠷ ᠪᠣᠯᠤᠭᠰᠠᠨ ᠰᠸᠦ᠋ᠯ ᠦᠨ ᠥᠷᠥᠭ ᠲᠦ ᠮᠣᠩᠭᠣᠯ ᠤᠯᠤᠰ ᠤᠨ ᠫᠠᠷᠠ ᠰᠢᠲᠠᠷ᠎ᠠ ᠶᠢᠨ ᠪᠠᠭ ᠡᠨᠡᠳᠬᠡᠭ ᠦᠨ ᠪᠠᠭ ᠢ 2.5᠄1.5 ᠣᠨᠣᠭ᠎ᠠ ᠪᠠᠷ ᠪᠠᠭᠤᠯᠭᠠᠨ ᠠᠪᠤᠭᠰᠠᠨ ᠢᠶᠠᠷ ᠳᠥᠷᠪᠡᠳ᠋ᠡᠭᠢ ᠬᠣᠵᠢᠯ ᠢᠶᠠᠨ ᠠᠪᠴᠤ ᠲᠡᠮᠡᠴᠡᠭᠡᠨ ᠢ ᠢᠯᠠᠯᠲᠠ ᠪᠠᠷ ᠳᠠᠭᠤᠰᠬᠠᠪᠠ᠃ ᠢᠩᠭᠢᠭ᠍ᠰᠡᠨ ᠢᠶᠡᠷ ᠮᠠᠨ ᠤ ᠰᠢᠲᠠᠷᠠᠴᠢᠳ ᠳᠥᠷᠪᠡᠨ ᠬᠣᠵᠢᠯ᠂ ᠬᠣᠶᠠᠷ ᠲᠡᠩᠴᠡᠭᠡ᠂ ᠨᠢᠭᠡ ᠬᠣᠵᠢᠭ᠌ᠳᠠᠯ ᠲᠠᠢ 41 ᠣᠷᠣᠨ ᠠᠴᠠ ᠵᠢᠷᠭᠤᠳᠤᠭᠠᠷ ᠪᠠᠢᠷᠢ ᠳᠤ ᠰᠢᠯᠭᠠᠷᠠᠯ᠎ᠠ᠃
ᠮᠣᠩᠭᠣᠯ ᠤᠯᠤᠰ ᠤᠨ ᠫᠠᠷᠠ ᠰᠢᠲᠠᠷ᠎ᠠ ᠶᠢᠨ ᠪᠠᠭ ᠳᠡᠯᠡᠬᠡᠢ ᠶᠢᠨ ᠣᠯᠢᠮᠫᠢᠶᠠᠳ᠋ ᠲᠤ ᠠᠩᠬ᠎ᠠ ᠤᠳᠠᠭ᠎ᠠ ᠣᠷᠤᠯᠴᠠᠬᠤ ᠳᠤ ᠪᠠᠨ ᠰᠢᠲᠠᠷ᠎ᠠ ᠶᠢᠨ ᠡᠬᠡ ᠣᠷᠣᠨ ᠡᠨᠡᠳᠬᠡᠭ ᠢ ᠬᠣᠵᠢᠵᠤ᠂ ᠴᠢᠨᠰᠠᠭᠠᠨ ᠤ ᠨᠢᠭᠡᠳᠦᠭᠡᠷ ᠲᠦ ᠡᠷᠡᠮᠪᠡᠯᠡᠭ᠍ᠳᠡᠵᠦ᠂ ᠡᠨᠡ ᠲᠡᠮᠡᠴᠡᠭᠡᠨ ᠳᠦ ᠲᠦᠷᠦᠭᠦᠯᠡᠭ᠍ᠰᠡᠨ ᠫᠤᠯᠠᠨᠳ᠋ ᠤᠨ ᠪᠠᠭ᠎ᠠ ᠠᠴᠠ ᠲᠡᠩᠴᠡᠭᠡᠨ ᠦ ᠣᠨᠣᠭ᠎ᠠ ᠠᠪᠤᠭᠰᠠᠨ ᠴᠣᠷ ᠤᠨ ᠭᠠᠭᠴᠠ ᠪᠠᠭ ᠪᠣᠯᠤᠭᠰᠠᠨ ᠶᠤᠮ᠃ ᠮᠥᠨ ᠮᠠᠨ ᠤ ᠰᠢᠲᠠᠷᠠᠴᠢᠳ ᠠᠮᠧᠷᠢᠺᠠ᠂ ᠣᠷᠣᠰ ᠤᠨ ᠪᠠᠭ ᠤᠳ ᠲᠠᠢ ᠠᠳᠠᠯᠢ 10 ᠣᠨᠣᠭ᠎ᠠ ᠠᠪᠴᠤ ᠰᠢᠯᠢᠳᠡᠭ ᠵᠢᠷᠭᠤᠭᠠᠨ ᠪᠠᠭ ᠤᠨ ᠨᠢᠭᠡ ᠪᠡᠷ ᠰᠢᠯᠭᠠᠷᠠᠭᠰᠠᠨ ᠨᠢ ᠣᠨᠴᠠᠯᠠᠬᠤ ᠠᠮᠵᠢᠯᠲᠠ ᠶᠤᠮ᠃
ᠮᠣᠩᠭᠣᠯ ᠤᠨ ᠫᠠᠷᠠ ᠰᠢᠲᠠᠷᠠᠴᠢᠳ ᠤᠨ ᠪᠠᠭ ᠢ ᠶᠡᠬᠡ ᠮᠠᠰᠲ᠋ᠧᠷ ᠭ ∙ ᠮᠥᠩᠬᠡᠭᠠᠯ ᠳᠠᠰᠬᠠᠯᠵᠢᠭᠤᠯᠵᠤ ᠡᠨᠡ ᠬᠦ ᠲᠡᠮᠡᠴᠡᠭᠡᠨ ᠳᠦ ᠪᠡᠯᠡᠳᠬᠡᠨ ᠣᠷᠣᠯᠴᠠᠭᠤᠯᠤᠭᠰᠠᠨ ᠶᠤᠮ᠃



