《 Mongolia Investment Forum 2026》ᠬᠥᠷᠥᠩᠭᠡ ᠣᠷᠤᠭᠤᠯᠤᠯᠲᠠ ᠶᠢᠨ ᠹᠤᠷᠤᠮ ᠬᠣᠶᠠᠲᠠᠬᠢ ᠵᠢᠯ ᠳᠤ ᠪᠠᠨ ᠶᠡᠭᠡ ᠪᠷᠢᠲ᠋ᠠᠨ ᠤ ᠯᠣᠨᠳᠣᠨ ᠬᠣᠲᠠ ᠶᠢᠨ 《 Mansion House》 ᠲᠤ ᠡᠨᠡ ᠰᠠᠷ᠎ᠠ ᠶᠢᠨ 15 ᠳᠤ ᠪᠣᠯᠣᠯ᠎ᠠ᠃ ᠹᠤᠷᠤᠮ ᠢ ᠮᠣᠩᠭᠣᠯ ᠤᠯᠤᠰ ᠠᠴᠠ ᠶᠡᠭᠡ ᠪᠷᠢᠲ᠋ᠠᠨ ᠳᠤ ᠰᠠᠭᠤᠭ᠎ᠠ ᠣᠨᠴᠠ ᠪᠥᠭᠡᠳ ᠪᠦᠷᠢᠠ ᠡᠷᠬᠡᠲᠦ ᠡᠯᠴᠢᠨ ᠰᠠᠢᠳ ᠪ ∙ ᠮᠥᠩᠬᠡᠵᠢᠨ ᠨᠡᠭᠡᠭᠡᠵᠦ᠂ ᠮᠡᠨᠳᠦᠴᠢᠯᠡᠭᠡ ᠳᠡᠪᠰᠢᠭᠦᠯᠦᠨ ᠦᠭᠡ ᠬᠡᠯᠡᠪᠡ᠃
ᠹᠣᠷᠤᠮ ᠤᠨ ᠦᠶ᠎ᠡ ᠪᠠᠷ ᠮᠣᠩᠭᠣᠯ ᠤᠯᠤᠰ ᠤᠨ ᠬᠥᠷᠥᠩᠭᠡ ᠣᠷᠤᠭᠤᠯᠤᠯᠲᠠ ᠶᠢᠨ ᠣᠷᠴᠢᠨ᠂ ᠡᠳ᠋ ᠦᠨ ᠵᠠᠰᠠᠭ ᠤᠨ ᠬᠥᠭ᠍ᠵᠢᠯ ᠤᠨ ᠪᠣᠯᠣᠮᠵᠢ᠂ ᠬᠠᠮᠲᠤ ᠶ᠋ᠢᠨ ᠠᠵᠢᠯᠯᠠᠭᠠᠨ ᠤ ᠰᠢᠨ᠎ᠡ ᠴᠢᠭ᠍ᠯᠡᠯ ᠦᠳ ᠦᠨ ᠲᠠᠯ᠎ᠠ ᠪᠠᠷ ᠬᠥᠷᠥᠩᠭᠡ ᠣᠷᠣᠭᠤᠯᠤᠭ᠌ᠴᠢᠳ᠂ ᠪᠢᠽᠢᠨᠧᠰ ᠦᠨ ᠲᠥᠯᠥᠭᠡᠯᠡᠯ ᠲᠠᠢ ᠮᠡᠳᠡᠭᠡᠯᠡᠯ᠂ ᠰᠠᠨᠠᠯ ᠰᠣᠯᠢᠯᠴᠠᠯ᠎ᠠ ᠃ ᠲᠡᠭᠦᠨᠴᠢᠯᠡᠨ ᠬᠢᠮᠡᠯ ᠣᠶᠣᠨ ᠂ ᠹᠢᠨᠲ᠋ᠧᠺ ᠪᠣᠯᠤᠨ ᠲᠧᠭ᠍ᠨᠣᠯᠣᠭᠢ ᠶᠢᠨ ᠰᠠᠯᠪᠤᠷᠢ ᠶᠢᠨ ᠬᠥᠭ᠍ᠵᠢᠯ ᠤᠨ ᠴᠢᠭ ᠬᠠᠨᠳᠤᠯᠭ᠎ᠠ ᠂ ᠰᠢᠨ᠎ᠡ ᠲᠧᠭ᠍ᠨᠣᠯᠣᠭᠢ ᠶᠢ ᠪᠢᠽᠢᠨᠧᠰ ᠦᠨ ᠦᠢᠯᠡ ᠠᠵᠢᠯᠯᠠᠭᠠᠨ ᠳᠤ ᠨᠡᠪᠲᠡᠷᠡᠭᠦᠯᠬᠦ ᠪᠣᠯᠣᠮᠵᠢ ᠂ ᠣᠯᠠᠨ ᠤᠯᠤᠰ ᠤᠨ ᠪᠢᠽᠢᠨᠧᠰ ᠦᠨ ᠣᠷᠴᠢᠨ ᠳᠤ ᠦᠵᠡᠭᠦᠯᠵᠦ ᠪᠤᠶ ᠨᠥᠯᠥᠭᠡᠯᠡᠯ ᠦᠨ ᠲᠠᠯ᠎ᠠ ᠪᠠᠷ ᠬᠡᠯᠡᠯᠴᠡᠭᠦᠯᠭᠡ ᠥᠷᠨᠢᠭᠦᠯᠪᠡ ᠭᠡᠵᠦ ᠲᠤᠰ ᠤᠯᠤᠰ ᠲᠤ ᠰᠠᠭᠤᠭ᠎ᠠ ᠮᠠᠨ ᠤ ᠡᠯᠴᠢᠨ ᠰᠠᠢᠳ ᠤᠨ ᠶᠠᠮᠤᠨ ᠮᠡᠳᠡᠭᠡᠯᠡᠯ᠎ᠡ ᠃



