ᠦᠽᠪᠧᠺᠰᠲ᠋ᠠᠨ ᠳᠤ ᠪᠣᠯᠬᠤ ᠳᠡᠯᠡᠬᠡᠢ ᠶᠢᠨ ᠰᠢᠲᠠᠷᠠᠴᠢᠳ ᠤᠨ 46 ᠳ᠋ᠤᠭᠠᠷ ᠤᠯᠢᠮᠫᠢᠶᠡᠳ᠋ ᠲᠤ ᠤᠷᠦᠯᠴᠡᠬᠤ ᠮᠣᠩᠭᠣᠯ ᠤᠨ ᠪᠠᠭ ᠲᠠᠮᠢᠷᠴᠢᠳ ᠡᠬᠡ ᠣᠷᠣᠨ ᠠᠴᠠ ᠪᠠᠨ ᠮᠣᠷᠳᠠᠯ᠎ᠠ ᠃
ᠬᠣᠶᠠᠷ ᠵᠢᠯ ᠲᠤᠲᠤᠮ ᠳᠤ ᠨᠢᠭᠡ ᠤᠳᠠᠭ᠎ᠠ ᠵᠣᠬᠢᠶᠠᠨ ᠪᠠᠢᠭᠤᠯᠳᠠᠭ ᠡᠨᠡ ᠬᠦ ᠲᠡᠮᠡᠴᠡᠭᠡᠨ ᠳᠤ 188 ᠣᠷᠣᠨ ᠤ ᠦᠨᠳᠦᠰᠦᠨ ᠤ ᠰᠢᠭ᠍ᠰᠢᠭᠡ ᠪᠠᠭ ᠣᠷᠣᠯᠴᠠᠵᠤ ᠂ ᠰᠸᠢᠰ ᠰᠢᠰᠲ᠋ᠧᠮ ᠢᠶᠡᠷ ᠨᠡᠢᠲᠡ 11 ᠥᠷᠥᠭ ᠦᠨ ᠲᠤᠷᠰᠢ ᠤᠯᠤᠰ ᠣᠷᠣᠨ ᠤ ᠪᠠᠨ ᠨᠡᠷ᠎ᠡ ᠶᠢᠨ ᠡᠮᠦᠨ᠎ᠡ ᠠᠴᠠ ᠦᠷᠢᠰᠦᠯᠳᠦᠬᠦ ᠶᠤᠮ ᠃ ᠮᠣᠩᠭᠣᠯ ᠤᠨ ᠡᠮᠡᠭ᠍ᠳᠡᠢ ᠪᠠᠭ ᠢ ᠪ ∙ ᠠᠨᠤ᠂ ᠡᠷᠡᠭ᠍ᠲᠡᠢᠴᠦᠳ ᠢ ᠴ∙ ᠪᠠᠲᠤᠰᠠᠢᠬᠠᠨ ᠤᠳᠤᠷᠢᠳᠤᠨ᠎ᠠ ᠃
ᠳᠡᠯᠡᠬᠡᠢ ᠶᠢᠨ ᠰᠢᠲᠠᠷ᠎ᠠ ᠶᠢᠨ ᠤᠯᠢᠮᠫᠢᠶᠡᠳ᠋ ᠲᠤ ᠮᠣᠩᠭᠣᠯ ᠤᠨ ᠡᠷᠡᠭ᠍ᠲᠡᠢᠴᠦᠳ 1970 ᠣᠨ ᠳᠤ 16 ᠳ᠋ᠤᠭᠡᠷ ᠪᠠᠢᠷᠢ ᠳᠤ ᠂ ᠡᠮᠡᠭ᠍ᠲᠡᠢᠴᠦᠳ 1990 ᠣᠨ ᠳᠤ 12 ᠳ᠋ᠤᠭᠠᠷ ᠪᠠᠢᠷᠢ ᠳᠤ ᠡᠷᠡᠮᠪᠡᠯᠡᠭ᠍ᠳᠡᠭ᠍ᠰᠡᠨ ᠨᠢ ᠬᠠᠮᠦᠬ ᠤᠨ ᠲᠡᠭᠡᠳᠦ ᠠᠮᠵᠢᠯᠲᠠ ᠶᠤᠮ᠃ ᠮᠠᠨ ᠤ ᠡᠮᠡᠭ᠍ᠲᠡᠢᠴᠦᠳ ᠳᠡᠯᠡᠬᠡᠢ ᠶᠢᠨ ᠰᠢᠲᠠᠷ᠎ᠠ ᠶᠢᠨ ᠤᠯᠢᠮᠫᠢᠶᠡᠳ᠋ ᠲᠤ 21 ᠳ᠋ᠡᠬᠢ ᠤᠳᠠᠭ᠎ᠠ ᠪᠠᠨ ᠦᠷᠢᠰᠦᠯᠳᠦᠬᠦ ᠭᠡᠵᠦ ᠪᠠᠢᠭ᠎ᠠ ᠪᠥᠭᠡᠳ ᠪ ∙ ᠮᠥᠩᠭᠦᠨᠲᠤᠤᠯᠠ 11 ᠳ᠋ᠡᠬᠢ ᠤᠳᠠᠭ᠎ᠠ ᠪᠠᠨ ᠣᠷᠣᠯᠴᠠᠨ᠎ᠠ ᠃



