ᠬᠦᠷᠡᠯ ᠵᠡᠪᠰᠡᠭ ᠤᠨ ᠲᠦᠷᠦᠭᠦᠦ ᠦᠶ᠎ᠡ ᠳᠤ ᠬᠣᠯᠪᠣᠭᠳᠠᠬᠤ ᠰᠤᠮᠤᠨ ᠭᠣᠣᠯ ᠤᠨ ᠬᠠᠳᠠᠨ ᠤ ᠵᠢᠷᠤᠭ  | News.MN

ᠬᠦᠷᠡᠯ ᠵᠡᠪᠰᠡᠭ ᠤᠨ ᠲᠦᠷᠦᠭᠦᠦ ᠦᠶ᠎ᠡ ᠳᠤ ᠬᠣᠯᠪᠣᠭᠳᠠᠬᠤ ᠰᠤᠮᠤᠨ ᠭᠣᠣᠯ ᠤᠨ ᠬᠠᠳᠠᠨ ᠤ ᠵᠢᠷᠤᠭ 

ᠠᠷᠤᠬᠠᠩᠭᠠᠢ ᠠᠢᠮᠠᠭ ᠤᠨ ᠲᠠᠷᠢᠶᠠᠲᠤ᠂ ᠦᠡᠳᠦᠷ  ᠤᠯᠠᠭᠠᠨ ᠰᠤᠮᠤ ᠶᠢᠨ ᠨᠤᠳᠦᠬ ᠴᠢᠯᠠᠭᠤᠲᠤ ᠭᠣᠣᠯ ᠪᠤᠯᠦᠠ ᠲᠡᠭᠦᠨ ᠤ ᠴᠢᠳᠬᠤᠯ ᠰᠤᠮᠤᠨ ᠭᠣᠣᠯ ᠤᠨ ᠬᠦᠷᠮᠡᠨ ᠪᠤᠯᠤ᠂ ᠦᠬᠡᠷ ᠴᠢᠯᠠᠭᠤᠲᠤ ᠣᠷᠤᠭᠤᠯᠭ᠎ᠠ᠂ ᠠᠩᠭᠠᠯ ᠤᠳ ᠲᠤ ᠡᠷᠲᠡᠨ ‍ᠥ ᠬᠥᠮᠥᠰ ᠦᠨ ᠰᠡᠢᠯᠵᠦ ᠴᠣᠭᠤᠯᠪᠤᠷᠢᠯᠠᠨ ᠦᠯᠡᠳᠡᠭᠡᠭ᠍ᠰᠡᠨ ᠰᠦᠭ ᠵᠢᠷᠤᠭ  ᠡᠯᠪᠡᠭ ᠲᠣᠬᠢᠶᠠᠯᠳᠤᠳᠠᠭ ᠃

ᠲᠡᠳᠡᠭᠡᠷ ᠤᠨ ᠵᠠᠷᠢᠮ ᠠᠴᠠ ᠲᠣᠳᠣᠷᠠᠭᠤᠯᠪᠠᠯ᠄ ᠬᠠᠭᠤᠴᠢᠠ ᠮᠥᠷᠡᠨ ᠰᠤᠮᠤ ᠶᠢᠨ ᠪᠠᠷᠠᠭᠤᠬᠠᠨ ᠢᠶᠠᠷ ᠡᠯᠡᠰᠦᠲᠦ ᠶᠢᠨ ᠪᠤᠯᠤᠩ ᠤᠨ ᠣᠷᠤᠭᠤᠯᠭ᠎ᠠ ᠣᠷᠴᠢᠮ ᠳ᠋ᠡᠬᠢ ᠬᠠᠳᠠ ᠴᠢᠯᠠᠭᠤᠨ ᠳᠤ ᠰᠡᠢᠯᠦᠭ᠍ᠰᠡᠨ ᠪᠤᠭᠤ᠂ ᠠᠷᠭᠠᠯᠢ᠂ ᠶᠠᠩᠬᠢᠷ᠂ ᠴᠢᠨᠦ᠎ᠠ᠂ ᠨᠣᠬᠠᠶ᠂ ᠠᠳᠤᠭᠤ ᠮᠠᠯ᠂ ᠬᠥᠮᠥᠨ ᠤ ᠳᠦᠷᠰᠦ ᠶᠢᠨ ᠳᠣᠲᠣᠷ᠎ᠠ ᠪᠤᠭᠤ ᠶᠢ ᠪᠤᠭᠤᠨ ᠬᠥᠰᠢᠶᠡᠨ ᠳ᠋ᠡᠬᠢ ᠳᠡᠭᠡᠷ᠎ᠡ ᠪᠠᠨ ᠳᠤᠭᠤᠶ / ᠨᠠᠷᠠ / ᠲᠡᠮᠳᠡᠭ ᠪᠦᠬᠦᠶ ᠰᠣᠩᠭᠣᠳᠠᠭ᠂ ᠵᠠᠭᠪᠤᠷᠴᠢᠯᠠᠭᠰᠠᠨ ᠳᠦᠷᠰᠦᠯᠡᠯ ᠢᠶᠡᠷ ᠤᠷᠠᠯᠠᠵᠠᠢ᠃ ᠭᠣᠣᠯ ᠤᠨ ᠵᠠᠬ᠎ᠠ ᠶᠢᠨ ᠨᠢᠭᠡᠨ ᠬᠠᠳᠠᠨ ᠳᠤ ᠲᠣᠭᠤᠷᠢᠨ ᠪᠥᠵᠢᠭ᠍ᠯᠡᠵᠦ ᠪᠤᠶ ᠮᠠᠶ᠋ᠢᠭ ᠤᠨ ᠣᠯᠠᠨ ᠬᠥᠮᠥᠨ ᠢ ᠳᠦᠷᠰᠦᠯᠡᠵᠡᠢ ᠃

ᠥᠭᠡᠷ᠎ᠡ ᠨᠢᠭᠡ ᠬᠠᠳᠠᠨ ᠳᠤ ᠠᠳᠤᠭᠤ ᠲᠠᠢ ᠬᠠᠮᠲᠤ ᠲᠡᠷᠭᠡᠨ ᠤ ᠲᠣᠢᠮᠤ ᠳᠦᠷᠰᠦ ᠰᠡᠢᠯᠵᠡᠢ ᠃ ᠪᠠᠰᠠ ᠬᠡᠪᠲᠡᠭᠡ ᠰᠣᠭᠤ ᠶᠢᠨ ᠳᠡᠭᠡᠷ᠎ᠡ ᠬᠠᠷᠠᠢᠵᠤ ᠪᠤᠶ ᠪᠤᠭᠤ ᠶᠢᠨ ᠵᠢᠷᠤᠭ ᠪᠦᠬᠦᠶ ᠬᠠᠳᠠ ᠴᠤ ᠪᠡᠢᠨ᠎ᠡ ᠃ ᠬᠠᠮᠠᠷ ᠤᠨ ᠪᠤᠯᠤᠩ ᠤᠨ ᠨᠢᠭᠡᠨ ᠬᠠᠳᠠᠨ ᠳᠤ ᠠᠩ ᠠᠮᠢᠲᠠᠨ ᠠᠴᠠ ᠭᠠᠳᠡᠨ᠎ᠡ ᠲᠡᠭᠡᠳᠦ ᠲᠩᠷᠢ ᠳᠤ ᠬᠠᠨᠳᠤᠭᠰᠠᠨ ᠪᠠᠢᠳᠠᠯ ᠲᠠᠢ ᠪᠡᠷ ᠬᠣᠶᠠᠷ ᠭᠠᠷ ᠢᠶᠠᠨ ᠳᠡᠭᠡᠭ᠍ᠰᠢ ᠡᠷᠭᠦᠭ᠍ᠰᠡᠨ ᠂ ᠰᠠᠷᠪᠠᠢᠭ᠌ᠰᠠᠨ ᠪᠣᠰᠤᠭ᠎ᠠ ᠪᠤᠯᠦᠠ ᠰᠥᠬᠥᠷᠡᠵᠦ ᠰᠠᠭᠤᠭᠰᠠᠨ ᠬᠥᠮᠥᠨ ᠤ ᠳᠦᠷᠰᠦᠯᠡᠯ ᠤᠳ ᠢ ᠦᠵᠡᠵᠦ ᠪᠣᠯᠤᠨ᠎ᠠ ᠃

ᠰᠡᠳᠬᠢᠭᠳᠡᠯ ᠦᠯᠡᠳᠡᠭᠡᠬᠦ