《ᠦᠨᠳᠦᠰᠦᠨ ᠤ ᠪᠢᠴᠢᠭ ᠰᠤᠶᠦᠯ ᠂ ᠨᠣᠮ ᠤᠨ ᠡᠳᠦᠷ ᠦᠳ-2026》 ᠶᠢ ᠤᠯᠤᠰ ᠳᠠᠶᠠᠭᠠᠷ ᠵᠣᠬᠢᠶᠠᠨ ᠪᠠᠢᠭᠤᠯᠤᠨ᠎ᠠ | News.MN

《ᠦᠨᠳᠦᠰᠦᠨ ᠤ ᠪᠢᠴᠢᠭ ᠰᠤᠶᠦᠯ ᠂ ᠨᠣᠮ ᠤᠨ ᠡᠳᠦᠷ ᠦᠳ-2026》 ᠶᠢ ᠤᠯᠤᠰ ᠳᠠᠶᠠᠭᠠᠷ ᠵᠣᠬᠢᠶᠠᠨ ᠪᠠᠢᠭᠤᠯᠤᠨ᠎ᠠ

ᠮᠣᠩᠭᠣᠯ ᠤᠯᠤᠰ ᠤᠨ ᠶᠡᠷᠦᠩᠬᠡᠢᠢᠯᠡᠭ᠍ᠴᠢ ᠶᠢᠨ 2012 ᠣᠨ ᠤ 158 ᠳ᠋ᠤᠭᠠᠷ ᠵᠠᠷᠯᠢᠭ᠂《 ᠨᠡᠢᠲᠡ ᠪᠠᠷ ᠲᠡᠮᠳᠡᠭ᠍ᠯᠡᠬᠦ ᠪᠠᠶᠠᠷ ᠤᠨ ᠪᠤᠯᠦᠠ ᠲᠡᠮᠳᠡᠭ᠍ᠯᠡᠯᠲᠦ ᠡᠳᠦᠷ ᠤᠳ ᠦᠨ ᠲᠤᠬᠠᠢ᠎》ᠬᠠᠤᠯᠢ ᠶᠢᠨ ᠳᠠᠭᠠᠤ 《ᠦᠨᠳᠦᠰᠦᠨ ᠤ ᠪᠢᠴᠢᠭ  ᠰᠤᠶᠦᠯ ᠂ ᠨᠣᠮ ᠤᠨ ᠡᠳᠦᠷ ᠤᠳ》 ᠢ ᠮᠣᠩᠭᠣᠯ ᠤᠯᠤᠰ ᠤᠨ ᠶᠡᠷᠦᠩᠬᠡᠢᠢᠯᠡᠭ᠍ᠴᠢ ᠶᠢᠨ ᠢᠪᠡᠭᠡᠯ ᠳᠣᠣᠷ᠎ᠠ ᠵᠢᠯ ᠪᠦᠷᠢ ᠤᠯᠠᠮᠵᠢᠯᠠᠯ ᠪᠣᠯᠭᠠᠨ ᠵᠣᠬᠢᠶᠠᠨ ᠪᠠᠢᠭᠤᠯᠳᠠᠭ ᠤᠯᠠᠮᠵᠢᠯᠠᠯ ᠲᠠᠢ ᠃

ᠲᠡᠢᠨ ᠬᠦ ᠨᠠᠮᠤᠷ ᠤᠨ ᠨᠣᠮ ᠤᠨ ᠪᠠᠶᠠᠷ ᠢ ᠡᠨᠡ ᠰᠠᠷ᠎ᠠ ᠶᠢᠨ 19 – 21  ᠳᠦ ᠵᠣᠬᠢᠶᠠᠨ ᠪᠡᠢᠭᠤᠯᠬᠤ ᠲᠠᠯ᠎ᠠ ᠪᠠᠷ 2026 ᠣᠨ ᠤ 9 ᠳ᠋ᠤᠭᠡᠷ ᠰᠠᠷ᠎ᠠ ᠶᠢᠨ 9  ᠤ ᠡᠳᠦᠷ ᠦᠨ 01/487 ᠳ᠋ᠤᠭᠠᠷ ᠠᠯᠪᠠᠨ ᠲᠣᠭᠠᠲᠤ ᠪᠠᠷ ᠴᠢᠭ᠍ᠯᠡᠯ ᠬᠦᠷᠭᠡᠭᠦᠯᠦᠨ ᠠᠵᠢᠯᠯᠠᠵᠤ ᠪᠡᠢᠢᠨ᠎ᠡ ᠃

ᠦᠨᠳᠦᠰᠦᠨ ᠤ ᠳᠠᠷᠬᠠᠯᠠᠭ᠎ᠠ ᠪᠣᠯᠣᠭᠰᠠᠨ ᠪᠢᠴᠢᠭ ᠰᠣᠶᠣᠯ ᠢᠶᠠᠨ ᠳᠡᠭᠡᠳᠦᠯᠡᠨ ᠳᠡᠯᠭᠡᠷᠡᠭᠦᠯᠵᠦ᠂ ᠨᠣᠮ ᠤᠩᠰᠢᠬᠤ ᠰᠣᠶᠣᠯ ᠢ ᠲᠥᠯᠥᠪᠰᠢᠭᠦᠯᠬᠦ᠂ ᠵᠣᠬᠢᠶᠠᠯᠴᠢ᠂ ᠨᠣᠮ ᠤᠨ ᠦᠢᠯᠡᠳᠪᠦᠷᠢᠯᠡᠯ ᠡᠷᠬᠢᠯᠡᠭ᠍ᠴᠢᠳ ᠢ ᠳᠡᠮᠵᠢᠬᠦ ᠴᠢᠭ᠍ᠯᠡᠯ ᠢᠶᠡᠷ ᠵᠣᠬᠢᠶᠠᠨ ᠪᠠᠢᠭᠤᠯᠳᠠᠭ ᠲᠤᠰ ᠦᠢᠯᠡ ᠠᠵᠢᠯᠯᠠᠭ᠎ᠠ ᠶᠢ ᠡᠳᠦᠭᠡ 40 ᠳ᠋ᠡᠬᠢ ᠤᠳᠠᠭ᠎ᠠ ᠪᠠᠨ ᠵᠣᠬᠢᠶᠠᠨ ᠪᠠᠢᠭᠤᠯᠬᠤ ᠪᠡᠷ ᠪᠡᠯᠡᠳᠬᠡᠯ ᠢᠶᠡᠨ ᠬᠠᠩᠭᠠᠵᠤ ᠪᠡᠢᠨ᠎ᠡ ᠃

ᠰᠡᠳᠬᠢᠭᠳᠡᠯ ᠦᠯᠡᠳᠡᠭᠡᠬᠦ