ᠶᠡᠷᠦᠩᠬᠡᠶ ᠰᠠᠢᠳ ᠨ∙ ᠤᠴᠠᠷᠠᠯ 09 ᠳ᠋ᠤᠭᠡᠷ ᠰᠠᠷ᠎ᠠ ᠶᠢᠨ 11 ᠳᠦ 《ᠣᠭ᠍ᠶᠤᠲᠣᠯᠣᠭᠠᠢ 》 ᠶᠢᠨ ᠬᠤᠪᠢ ᠨᠡᠢᠯᠡᠭᠦᠯᠦᠭ᠍ᠴᠢᠳ ᠦᠨ ᠭᠡᠷ᠎ᠡ ᠳᠤ ᠮᠣᠩᠭᠣᠯ ᠤᠨ ᠲᠠᠯ᠎ᠠ ᠶᠢᠨ ᠥᠭ᠍ᠭᠦᠭᠡᠵᠢ ᠶᠢ ᠨᠡᠮᠡᠭ᠍ᠳᠡᠭᠦᠯᠬᠦ ᠥᠭᠡᠷᠡᠴᠢᠯᠡᠯᠲᠡ ᠣᠷᠣᠭᠤᠯᠤᠭᠰᠠᠨ ᠲᠠᠯ᠎ᠠ ᠪᠠᠷ ᠮᠡᠳᠡᠭ᠍ᠳᠡᠵᠦ᠂ ᠬᠤᠪᠢ ᠨᠡᠢᠯᠡᠭᠦᠯᠦᠭ᠍ᠴᠢᠳ ᠦᠨ ᠭᠡᠷ᠎ᠡ ᠶᠢᠨ ᠨᠡᠮᠡᠯᠲᠡ ᠥᠭᠡᠷᠡᠴᠢᠯᠡᠯᠲᠡ ᠪᠡᠷ ᠮᠧᠨᠧᠵᠮᠧᠨᠲ ᠦᠨ ᠵᠠᠷᠤᠳᠠᠯ ᠢ ᠪᠠᠭᠤᠷᠠᠭᠤᠯᠵᠤ ᠂ ᠳᠠᠪᠬᠤᠷᠳᠠᠯ ᠢ ᠠᠷᠢᠯᠭᠠᠭᠰᠠᠨ ᠢᠶᠠᠷ ᠨᠠᠢ᠍ᠮᠠ ᠣᠷᠴᠢᠮ ᠶᠡᠭᠡ ᠨᠠᠶᠤᠳ ᠲᠥᠭᠥᠷᠢᠭ ᠂ ᠬᠤᠪᠢ ᠨᠡᠢᠯᠡᠭᠦᠯᠦᠭ᠍ᠴᠢᠳ ᠦᠨ ᠵᠢᠭᠡᠯᠡ ᠶ᠋ᠢᠨ ᠬᠦᠦ ᠶ᠋ᠢ ᠪᠠᠭᠤᠷᠠᠭᠤᠯᠤᠭᠰᠠᠨ ᠢᠶᠠᠷ 22 ᠣᠷᠴᠢᠮ ᠶᠡᠭᠡ ᠨᠠᠶᠤᠳ ᠲᠥᠭᠥᠷᠢᠭ ᠨᠡᠢᠢᠲᠡ 30 ᠣᠷᠴᠢᠮ ᠶᠡᠭᠡ ᠨᠠᠶᠤᠳ ᠲᠥᠭᠥᠷᠢᠭ ᠦᠨ ᠵᠠᠷᠤᠳᠠᠯ ᠢ ᠪᠠᠭᠤᠷᠠᠭᠤᠯᠤᠭᠰᠠᠨ ᠭᠡᠪᠡ ᠃
《ᠷᠢᠤ᠋ ᠲᠢᠨᠲ᠋ᠣ᠋ 》ᠭᠷᠦ᠋ᠫ ᠦᠨ ᠭᠦᠢᠴᠡᠳᠬᠡᠬᠦ ᠵᠠᠬᠢᠷᠤᠯ ᠰᠠᠢᠮᠤᠨ ᠲᠷᠣᠲᠲ ᠄ ᠥᠨᠥᠳᠥᠷ ᠪᠢᠳᠡ ᠬᠤᠪᠢ ᠨᠡᠢᠯᠡᠭᠦᠯᠦᠭ᠍ᠴᠢᠳ ᠦᠨ ᠭᠡᠷ᠎ᠡ ᠳᠤ ᠳᠣᠷᠪᠢ ᠲᠠᠢ ᠥᠭᠡᠷᠡᠴᠢᠯᠡᠯᠲᠡ ᠨᠦᠭᠦᠳ ᠢ ᠬᠢᠯ᠎ᠡ᠃ ᠢᠩᠭᠢᠭ᠍ᠰᠡᠨ ᠢᠶᠡᠷ ᠬᠤᠪᠢ ᠨᠡᠢᠯᠡᠭᠦᠯᠦᠭ᠍ᠴᠢᠳ ᠦᠨ ᠵᠢᠭᠡᠯᠡ ᠶ᠋ᠢᠨ ᠬᠦᠦ ᠶ᠋ᠢ ᠪᠠᠭᠤᠷᠠᠭᠤᠯᠵᠤ ᠂ ᠮᠧᠨᠧᠵᠮᠧᠨᠲ ᠦᠨ ᠦᠢᠯᠡᠴᠢᠯᠡᠭᠡᠨ ᠤ ᠲᠥᠯᠥᠪᠦᠷᠢ ᠶᠢ ᠪᠠᠭᠤᠷᠠᠭᠤᠯᠤᠯᠠ᠃ ᠣᠭ᠍ᠶᠤᠲᠣᠯᠣᠭᠠᠢ ᠶᠢᠨ ᠬᠤᠪᠢ ᠨᠡᠢᠯᠡᠭᠦᠯᠦᠭ᠍ᠴᠢᠳ ᠲᠦ ᠨᠣᠭᠳᠠᠯ ᠠᠰᠢᠭ ᠢ 2027 ᠣᠨ ᠳᠤ ᠬᠤᠪᠢᠶᠠᠷᠢᠯᠠᠬᠤ ᠳᠦ《ᠷᠢᠤ᠋ ᠲᠢᠨᠲ᠋ᠣ᠋ 》ᠬᠠᠮᠲᠤᠷᠠᠨ ᠠᠵᠢᠯᠯᠠᠨ᠎ᠠ ᠭᠡᠳᠡᠭ ᠢ ᠪᠢ ᠳᠠᠬᠢᠨ ᠪᠠᠲᠤᠯᠠᠭᠠᠵᠢᠭᠤᠯᠵᠤ ᠪᠡᠢᠨ᠎ᠡ ᠃ ᠮᠠᠨ ᠤ ᠬᠣᠶᠠᠷ ᠲᠠᠯ᠎ᠠ ᠶᠢᠨ ᠪᠠᠭ ᠤᠳ ᠡᠨᠡ ᠠᠰᠠᠭᠤᠳᠠᠯ ᠳᠡᠭᠡᠷ᠎ᠡ ᠦᠷᠭᠦᠯᠵᠢᠯᠡᠭᠦᠯᠦᠨ ᠠᠵᠢᠯᠯᠠᠵᠤ ᠨᠢᠭᠡᠳᠦᠭ᠍ᠰᠡᠨ ᠰᠢᠢᠳᠦᠯ ᠳᠦ ᠬᠦᠷᠴᠦ ᠡᠴᠦᠰᠯᠡᠨ᠎ᠡ ᠃ ᠬᠠᠷᠢᠯᠴᠠᠨ ᠢᠲᠡᠭᠡᠯᠴᠡᠯ ᠂ ᠪᠠᠲᠤ ᠬᠠᠮᠲᠤ ᠶ᠋ᠢᠨ ᠠᠵᠢᠯᠯᠠᠭᠠᠨ ᠳᠡᠭᠡᠷ᠎ᠡ ᠰᠠᠭᠤᠷᠢᠯᠠᠭᠰᠠᠨ ᠡᠳᠡᠭᠡᠷ ᠰᠠᠨᠠᠭᠠᠴᠢᠯᠠᠭ᠎ᠠ ᠤᠳ ᠢ ᠠᠮᠵᠢᠯᠲᠠᠲᠠᠶ ᠬᠡᠷᠡᠭ᠍ᠵᠢᠭᠦᠯᠵᠦ ᠂ ᠣᠭ᠍ᠶᠤᠲᠣᠯᠣᠭᠠᠢ ᠶᠢᠨ ᠥᠨᠥᠳᠥᠷ ᠪᠤᠯᠦᠠ ᠢᠷᠡᠭᠡᠳᠦᠢ ᠶ᠋ᠢᠨ ᠲᠥᠯᠥᠭᠡ ᠲᠤᠤᠱᠲᠠᠢ ᠬᠠᠮᠲᠤᠷᠠᠨ ᠵᠢᠳᠬᠦᠬᠦ ᠪᠣᠯᠤᠨ᠎ᠠ ᠃ ᠮᠣᠩᠭᠣᠯ ᠤᠨ ᠠᠷᠠᠳ ᠲᠦᠮᠡᠨ ᠳ᠋ᠤ ᠮᠠᠰᠢ ᠶᠡᠭᠡ ᠪᠠᠶᠠᠷᠯᠠᠯ᠎ᠠ ᠭᠡᠰᠡᠨ ᠶᠤᠮ ᠃



