ᠠᠽᠢᠶ᠎ᠠ ᠶᠢᠨ ᠫᠠᠷᠠ ᠨᠠᠭᠠᠳᠤᠮ ᠢᠷᠡᠬᠦ ᠰᠠᠷ᠎ᠠ ᠶᠢᠨ 18-24 ᠳᠦ ᠶᠠᠫᠣᠨ ᠳᠤ ᠪᠣᠯᠤᠨ᠎ᠠ᠃ ᠲᠠᠪᠤᠳᠠᠬᠢ ᠤᠳᠠᠭ᠎ᠠ ᠶᠢᠨ ᠨᠠᠭᠠᠳᠤᠮ ᠳᠤ ᠮᠣᠩᠭᠣᠯ ᠠᠴᠠ 40 ᠣᠷᠴᠢᠮ ᠲᠠᠮᠢᠷᠴᠢᠨ ᠰᠫᠣᠷᠲ ᠤᠨ 10 ᠲᠥᠷᠥᠯ ᠳᠦ ᠥᠷᠢᠰᠥᠯᠳᠥᠬᠦ ᠶᠤᠮ᠃ ᠲᠤᠰ ᠨᠠᠭᠠᠳᠤᠮ ᠲᠠᠢ ᠬᠣᠯᠪᠣᠭᠠᠲᠠᠢ ᠪᠠᠷ ᠠᠽᠢᠶ᠎ᠠ ᠶᠢᠨ ᠨᠠᠭᠠᠳᠤᠮ ᠢ ᠵᠣᠬᠢᠶᠠᠨ ᠪᠠᠢᠭᠤᠯᠬᠤ ᠣᠯᠠᠨ ᠤᠯᠤᠰ ᠤᠨ ᠬᠣᠷᠢᠶᠠᠨ ᠠᠴᠠ《ᠠᠢᠴᠢ- ᠨᠠᠭᠤᠶᠠ ᠬᠦᠷᠬᠦ ᠵᠠᠮ》ᠲᠡᠳᠬᠦᠯᠭᠡᠳᠦ ᠬᠥᠲᠥᠯᠪᠦᠷᠢ ᠵᠣᠬᠢᠶᠠᠨ ᠪᠠᠢᠭᠤᠯᠵᠤ ᠪᠠᠢᠨ᠎ᠠ᠃
ᠤᠭ ᠬᠥᠲᠥᠯᠪᠦᠷᠢ ᠳᠦ ᠲᠠᠮᠢᠷᠴᠢᠨ ᠭ ∙ ᠭᠠᠩᠡᠷᠳᠡᠨᠢ᠂ ᠨ ∙ ᠠᠮᠢᠠᠠᠷᠳᠡᠨᠢ ᠨᠠᠷ ᠣᠷᠣᠯᠴᠠᠬᠤ ᠪᠠᠷ ᠪᠣᠯᠵᠤ᠂ ᠲᠡᠳᠡᠨ ᠢ ᠮᠣᠩᠭᠣᠯ ᠤᠨ ᠦᠨᠳᠦᠰᠦᠨ ᠦ ᠫᠠᠷᠠᠯᠢᠮᠫ ᠤᠨ ᠬᠣᠷᠢᠶᠠᠨ ᠤ ᠶᠡᠷᠦᠩᠬᠡᠢᠢᠯᠡᠭ᠍ᠴᠢ ᠴ ∙ ᠴᠢᠮᠠᠳ-ᠣᠳᠬᠣᠨ ᠬᠦᠯᠢᠶᠡᠨ ᠠᠪᠴᠤ᠂ ᠪᠠᠲᠤᠯᠠᠮᠵᠢ ᠭᠠᠷᠳᠠᠭᠤᠯᠤᠭᠰᠠᠨ ᠪᠠᠢᠨ᠎ᠠ᠃ ᠲᠡᠳᠡ ᠮᠠᠷᠭᠠᠰᠢ ᠠᠴᠠ ᠡᠬᠢᠯᠡᠨ ᠨᠠᠢᠮᠠ ᠬᠣᠨᠣᠭ ᠤᠨ ᠲᠤᠷᠰᠢ ᠦᠽᠪᠧᠺᠰᠲ᠋ᠠᠨ ᠳᠤ ᠣᠯᠠᠨ ᠤᠯᠤᠰ ᠤᠨ ᠲᠠᠮᠢᠷᠴᠢᠳ ᠤᠨ ᠬᠠᠮᠲᠤᠷᠠᠭᠰᠠᠨ ᠪᠡᠯᠡᠳᠬᠡᠯ ᠳᠦ ᠣᠷᠣᠯᠴᠠᠬᠤ ᠶᠤᠮ᠃



