ᠸᠢᠶᠧᠲ᠋ᠨᠠᠮ ᠤᠯᠤᠰ ᠲᠤ ᠵᠣᠬᠢᠶᠠᠨ ᠪᠠᠢᠭᠤᠯᠤᠭᠳᠠᠵᠤ ᠪᠤᠢ ᠴᠢᠯᠦᠭᠡᠲᠦ ᠪᠥᠬᠡ ᠶᠢᠨ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ U23 ᠨᠠᠰᠤᠨ ᠤ ᠠᠩᠭᠢᠯᠠᠯ ᠤᠨ ᠪᠠᠷᠢᠯᠳᠤᠭᠠᠨ ᠠᠮᠵᠢᠯᠲᠠ ᠲᠠᠢ ᠥᠨᠳᠥᠷᠯᠡᠵᠦ᠂ ᠮᠣᠩᠭᠣᠯ ᠤᠨ ᠪᠠᠭ ᠲᠠᠮᠢᠷᠴᠢᠳ 5 ᠮᠧᠳᠠᠯ ᠬᠦᠷᠲᠡᠭᠰᠡᠨ ᠪᠠᠬᠠᠳᠤᠮ᠎ᠠ ᠠᠮᠵᠢᠯᠲᠠ ᠦᠵᠡᠭᠦᠯᠦᠯ᠎ᠡ᠃
ᠡᠷᠡᠭᠲᠡᠢᠴᠦᠳ ᠦᠨ 57 ᠺᠢᠯᠦᠭ᠍ᠷᠡᠮ ᠳᠦ ᠯᠤᠪᠰᠠᠩᠳᠠᠭᠪᠠ᠂ 70 ᠺᠢᠯᠦᠭ᠍ᠷᠡᠮ ᠳᠦ ᠠᠩᠬᠠᠡᠷᠳᠡᠨᠢ ᠬᠦᠷᠡᠯ ᠮᠧᠳᠠᠯ᠂ ᠡᠮᠡᠭᠲᠡᠢᠴᠦᠳ ᠦᠨ
65 ᠺᠢᠯᠦᠭ᠍ᠷᠡᠮ ᠳᠦ ᠨ ∙ ᠨᠠᠷᠬᠠᠵᠢᠳ᠂ 72 ᠺᠢᠯᠦᠭ᠍ᠷᠡᠮ ᠳᠦ ᠡ᠊ ∙ ᠣᠳᠣᠭᠡᠷᠡᠯ ᠮᠥᠩᠭᠥᠨ ᠮᠧᠳᠠᠯ ᠬᠦᠷᠲᠡᠵᠦ᠂ 68 ᠺᠢᠯᠦᠭ᠍ᠷᠡᠮ ᠳᠦ ᠪ ∙ ᠤᠳᠤᠵᠠᠶᠠᠭᠠ ᠬᠦᠷᠡᠯ ᠮᠧᠳᠠᠯ ᠬᠦᠷᠲᠡᠪᠡ᠃



