ᠤᠯᠠᠭᠠᠨᠪᠠᠭᠠᠲᠤᠷ ᠵᠢᠳᠬᠦᠭᠦᠷ ᠦᠨ ᠳ᠋ᠧᠫᠤ ᠶᠢᠨ ᠴᠠᠬᠢᠯᠭᠠᠨ ᠬᠥᠳᠡᠯᠭᠡᠭᠦᠷ ᠦᠨ ᠴᠧᠾ ᠠᠰᠢᠭᠯᠠᠯᠲᠠ ᠳᠤ ᠤᠷᠤᠭᠤᠯᠬᠤ ᠨᠡᠭᠡᠭᠡᠯᠲᠡ ᠶᠢᠨ ᠶᠣᠰᠣᠯᠠᠯ ᠪᠣᠯᠤᠯ᠎ᠠ᠃ ᠨᠡᠭᠡᠭᠡᠯᠲᠡ ᠶᠢᠨ ᠶᠣᠰᠣᠯᠠᠯ ᠳᠤ ᠵᠠᠮ ᠲᠡᠭᠡᠭᠡᠪᠦᠷᠢ ᠶᠢᠨ ᠰᠠᠢᠳ ᠪ ∙ ᠳᠡᠯᠭᠡᠷᠰᠠᠢᠬᠠᠨ᠂ 《ᠤᠯᠠᠭᠠᠨᠪᠠᠭᠠᠲᠤᠷ ᠤᠨ ᠲᠡᠮᠦᠷ ᠵᠠᠮ》 ᠦᠨ ᠳᠠᠷᠤᠭ᠎ᠠ ᠬ ∙ ᠬᠡᠷᠦᠯᠦᠨ ᠲᠡᠷᠢᠭᠦᠲᠡᠢ ᠲᠤᠰ ᠨᠡᠢᠭᠡᠮᠯᠢᠭ ᠦᠨ ᠤᠳᠤᠷᠢᠳᠤᠯᠭ᠎ᠠ᠂ ᠲᠡᠮᠦᠷ ᠵᠠᠮᠴᠢᠳ ᠣᠷᠣᠯᠴᠠᠯ᠎ᠠ᠃
ᠡᠨᠡ ᠬᠦ ᠴᠠᠬᠢᠯᠭᠠᠨ ᠬᠥᠳᠡᠯᠭᠡᠭᠦᠷ ᠦᠨ ᠴᠧᠾ ᠢ ᠠᠰᠢᠭᠯᠠᠯᠲᠠ ᠳᠤ ᠣᠷᠣᠭᠤᠯᠵᠤ᠂ ᠵᠢᠳᠬᠦᠭᠦᠷ ᠦᠨ ᠲᠠᠲᠠᠬᠤ ᠴᠠᠬᠢᠯᠭᠠᠨ ᠬᠥᠳᠡᠯᠭᠡᠭᠦᠷ ᠦᠨ ᠵᠠᠰᠠᠪᠤᠷᠢ ᠶᠢ ᠳᠣᠲᠣᠭᠠᠳᠤ ᠳᠤ ᠪᠠᠨ ᠬᠢᠳᠡᠭ ᠪᠣᠯᠤᠭᠰᠠᠨ ᠢᠶᠠᠷ ᠭᠠᠳᠠᠭᠠᠳᠤ ᠳᠤ ᠶᠠᠪᠤᠭᠤᠯᠵᠤ ᠬᠢᠳᠡᠭ ᠥᠨᠳᠥᠷ ᠦᠨ᠎ᠡ ᠲᠡᠢ ᠵᠠᠰᠠᠪᠤᠷᠢ ᠶᠢᠨ ᠵᠠᠷᠤᠳᠠᠯ ᠢ ᠪᠠᠭᠤᠷᠠᠭᠤᠯᠵᠤ᠂ ᠲᠡᠮᠦᠷ ᠵᠠᠮ ᠤᠨ ᠲᠡᠭᠡᠭᠡᠪᠦᠷᠢ ᠶᠢᠨ ᠲᠠᠰᠤᠷᠠᠯᠲᠠ ᠦᠭᠡᠢ ᠨᠠᠢᠳᠠᠪᠤᠷᠢᠲᠠᠢ ᠦᠢᠯᠡ ᠠᠵᠢᠯᠯᠠᠭ᠎ᠠ ᠶᠢ ᠬᠠᠩᠭᠠᠬᠤ ᠨᠥᠬᠥᠴᠡᠯ ᠪᠣᠯᠤᠮᠵᠢ ᠤᠯᠠᠮ ᠳᠡᠭᠡᠭᠰᠢᠯᠡᠬᠦ ᠪᠣᠯᠤᠨ᠎ᠠ᠃
ᠥᠨᠥᠳᠥᠷ ᠦᠨ ᠪᠠᠢᠳᠠᠯ ᠢᠶᠠᠷ ᠲᠣᠮᠣ ᠣᠪᠣᠷ ᠤᠨ 180 ᠰᠢᠷᠬᠡᠭ ᠵᠢᠳᠬᠦᠭᠦᠷ ᠦᠨ ᠲᠠᠲᠠᠬᠤ ᠴᠠᠬᠢᠯᠭᠠᠨ ᠬᠥᠳᠡᠯᠭᠡᠭᠦᠷ ᠦᠨ ᠵᠠᠰᠠᠪᠤᠷᠢ ᠶᠢᠨ ᠭᠦᠶᠦᠯᠲᠡ ᠬᠡᠲᠦᠷᠡᠭᠰᠡᠨ ᠰᠢᠯᠲᠠᠭᠠᠨ ᠲᠠᠢ ᠠᠰᠢᠭᠯᠠᠵᠤ ᠪᠠᠢᠨ᠎ᠠ᠃ ᠡᠨᠡ ᠬᠦ ᠴᠧᠾ ᠤᠨ ᠵᠠᠰᠠᠪᠤᠷᠢᠴᠢᠳ ᠬᠢᠲᠠᠳ ᠲᠤ ᠳᠠᠳᠤᠯᠭ᠎ᠠ ᠬᠢᠵᠡᠢ᠃



