ᠮᠣᠩᠭᠣᠯ ᠤᠨ ᠡᠵᠡᠨᠲᠦ ᠭᠦᠷᠦᠨ ᠤ ᠦᠶ᠎ᠡ ᠶᠢᠨ ᠸᠠᠭᠠᠷ ᠲᠡᠢ ᠥᠷᠥᠮ᠎ᠡ ᠣᠯᠳᠠᠵᠠᠢ | News.MN

ᠮᠣᠩᠭᠣᠯ ᠤᠨ ᠡᠵᠡᠨᠲᠦ ᠭᠦᠷᠦᠨ ᠤ ᠦᠶ᠎ᠡ ᠶᠢᠨ ᠸᠠᠭᠠᠷ ᠲᠡᠢ ᠥᠷᠥᠮ᠎ᠡ ᠣᠯᠳᠠᠵᠠᠢ

ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠠᠷᠬᠧᠣᠯᠣᠭᠢ ᠶᠢᠨ ᠬᠦᠷᠢᠶᠡᠯᠡᠩ ᠪᠣᠯᠤᠨ ᠠᠮᠧᠷᠢᠺᠠ ᠶᠢᠨ ᠮᠢᠴᠢᠭᠠᠨ ᠦ ᠶᠡᠬᠡ ᠰᠤᠷᠭᠠᠭᠤᠯᠢ︵ᠰᠤᠳᠤᠯᠤᠭᠠᠴᠢ ᠳ᠋ᠣᠺᠲ᠋ᠣᠷ ᠪᠷᠠᠶᠠᠨ ᠮᠢᠯᠯᠧᠷ︶ ᠶᠢᠨ ᠬᠠᠮᠲᠤᠷᠠᠭᠰᠠᠨ ᠰᠤᠳᠤᠯᠭᠠᠨ ᠦ ᠪᠠᠭ ᠬᠥᠪᠰᠥᠭᠥᠯ ᠠᠢᠮᠠᠭ ᠤᠨ ᠠᠷᠤᠪᠤᠯᠠᠭ ᠰᠤᠮᠤ ᠶᠢᠨ 《ᠭᠣᠣᠯ ᠮᠣᠳᠣ》ᠬᠡᠮᠡᠬᠦ ᠭᠠᠵᠠᠷ ᠲᠤ 2026 ᠣᠨ ᠦ ᠲᠠᠪᠤᠳᠤᠭᠠᠷ ᠰᠠᠷ᠎ᠠ ᠶᠢᠨ 12–27 ᠦ ᠡᠳᠦᠷ ᠤᠳ ᠲᠦ ᠠᠷᠬᠧᠣᠯᠣᠭᠢ ᠶᠢᠨ ᠮᠠᠯᠲᠠᠯᠭ᠎ᠠ᠂   ᠰᠤᠳᠤᠯᠭᠠᠨ ᠦ ᠠᠵᠢᠯ ᠬᠢᠵᠦ᠂ ᠮᠣᠩᠭᠣᠯ ᠤᠨ ᠡᠵᠡᠨᠲᠦ ᠭᠦᠷᠦᠨ ᠤ ᠦᠶ᠎ᠡ ᠳᠤ ᠬᠣᠯᠪᠣᠭᠳᠠᠬᠤ ᠳᠣᠯᠣᠭᠠᠨ ᠪᠤᠯᠠᠰᠢ ᠶᠢ ᠮᠠᠯᠲᠠᠨ ᠰᠤᠳᠤᠯᠵᠠᠢ᠃

ᠮᠠᠯᠲᠠᠯᠭ᠎ᠠ᠂ ᠰᠤᠳᠤᠯᠭᠠᠨ ᠤ ᠶᠠᠪᠤᠴᠠ ᠳᠤ ᠥᠷᠥᠮ᠎ᠡ ᠲᠡᠢ ᠱᠠᠭᠠᠵᠠᠩ ᠸᠠᠭᠠᠷ᠂ ᠡᠮᠡᠭᠡᠯ᠂ ᠳᠥᠷᠥᠭᠡ᠂ ᠠᠮᠠᠭᠠᠢ ᠵᠡᠷᠭᠡ ᠮᠣᠷᠢᠨ ᠤ ᠢᠵᠢ ᠪᠦᠷᠢᠨ ᠲᠣᠨᠣᠭ ᠬᠡᠷᠡᠭᠯᠡᠯ᠂ ᠲᠡᠮᠦᠷ ᠵᠡᠪᠡ᠂ ᠰᠠᠭᠠᠳᠠᠭ ᠤᠨ ᠲᠣᠨᠣᠭᠯᠠᠯ᠂ ᠲᠥᠷᠥᠯ ᠪᠦᠷᠢ ᠶᠢᠨ ᠴᠢᠮᠡᠭᠯᠡᠯ ᠵᠡᠷᠭᠡ ᠮᠣᠩᠭᠣᠯ ᠤᠨ ᠡᠵᠡᠨᠲᠦ ᠭᠦᠷᠦᠨ ᠤ ᠦᠶ᠎ᠡ ᠶᠢᠨ ᠨᠡᠢᠭᠡᠮ᠂ ᠰᠤᠶᠤᠯ ᠠᠬᠤᠢ ᠶᠢ ᠰᠤᠳᠤᠯᠬᠤ ᠳᠦ ᠥᠨᠳᠥᠷ ᠠᠴᠢ ᠬᠣᠯᠪᠣᠭᠳᠠᠯ ᠲᠠᠢ ᠦᠨᠡᠲᠦ ᠣᠯᠳᠠᠪᠤᠷᠢ ᠨᠤᠭᠤᠳ ᠢᠯᠡᠷᠡᠵᠡᠢ᠃

ᠰᠤᠳᠤᠯᠭᠠᠨ ᠤ ᠪᠠᠭ ᠤᠨ ᠠᠬᠠᠯᠠᠭᠴᠢ᠂ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠠᠷᠬᠧᠣᠯᠣᠭᠢ ᠶᠢᠨ ᠬᠦᠷᠢᠶᠡᠯᠡᠩ ᠤᠨ ᠬᠦᠷᠡᠯ᠂ ᠲᠡᠮᠦᠷ ᠦᠨ ᠲᠦᠷᠦᠭᠦᠦ ᠦᠶ᠎ᠡ ᠶᠢᠨ ᠰᠤᠳᠤᠯᠭᠠᠨ ᠤ ᠰᠠᠯᠪᠤᠷᠢ ᠶᠢᠨ ᠡᠷᠬᠢᠯᠡᠭ᠍ᠴᠢ ᠳ᠋ᠣᠺᠲ᠋ᠣᠷ ᠵ ∙ ᠪᠠᠶᠠᠷᠰᠠᠢᠬᠠᠨ᠄ ᠡᠨᠡ ᠳᠤᠷᠠᠰᠬᠠᠯ ᠲᠣᠳᠣᠷᠬᠠᠢ ᠬᠡᠮᠵᠢᠶ᠎ᠡ ᠪᠡᠷ ᠲᠣᠨᠣᠭᠳᠠᠭᠰᠠᠨ᠃ ᠬᠦᠮᠦᠨ ᠦ ᠶᠠᠰᠤ᠂ ᠶᠣᠰᠣ ᠲᠠᠬᠢᠯ ᠤᠨ ᠬᠡᠰᠡᠭ ᠢ ᠰᠦᠢᠳᠭᠡᠭ᠍ᠰᠡᠨ ᠡᠷᠲᠡᠨ ᠦ ᠲᠣᠨᠣᠭᠤᠯ ᠤᠨ ᠮᠥᠷ ᠮᠠᠯᠲᠠᠯᠭ᠎ᠠ ᠶᠢᠨ ᠶᠠᠪᠤᠴᠠ ᠳᠤ ᠢᠯᠡᠷᠡᠭᠰᠡᠨ᠃ ᠭᠡᠬᠦ ᠳᠦ ᠪᠡᠨ ᠡᠨᠡ ᠳᠤᠷᠠᠰᠬᠠᠯ ᠤᠨ ᠨᠢᠭᠡ ᠪᠤᠯᠤᠩ ᠳᠤ ᠲᠣᠮᠣ ᠬᠠᠪᠲᠠᠭᠠᠢ ᠴᠢᠯᠠᠭᠤᠨ ᠤ ᠠᠷᠤ ᠳᠤ ᠬᠠᠢᠷᠴᠠᠭᠯᠠᠵᠤ ᠬᠢᠭᠰᠡᠨ ᠭᠠᠵᠠᠷ ᠠᠴᠠ ᠥᠷᠥᠮ᠎ᠡ ᠲᠡᠢ ᠸᠠᠭᠠᠷ ᠤᠨ ᠬᠡᠰᠡᠭ ᠣᠯᠳᠠᠭᠰᠠᠨ᠃

2019 ᠣᠨ ᠳᠤ ᠤᠯᠠᠭᠠᠨ-ᠠᠭᠤᠯᠠ ᠰᠤᠮᠤ ᠶᠢᠨ ᠬᠣᠷᠢᠭ ᠠᠭᠤᠯᠠᠨ ᠠᠴᠠ ᠴᠡᠪᠳᠡᠭ ᠲᠦ ᠬᠠᠳᠠᠭᠠᠯᠠᠭᠳᠠᠭᠰᠠᠨ ᠥᠷᠥᠮ᠎ᠡ ᠰᠢᠷ᠎ᠠ ᠲᠣᠰᠣ ᠶᠢ ᠠᠩᠬ᠎ᠠ ᠤᠳᠠᠭ᠎ᠠ ᠣᠯᠵᠤ ᠪᠠᠢᠭᠰᠠᠨ᠃ ᠡᠢᠨᠬᠦᠦ ᠬᠤᠶᠠᠳᠠᠬᠢ ᠤᠳᠠᠭ᠎ᠠ ᠪᠠᠨ ᠴᠠᠭᠠᠨ ᠢᠳᠡᠭᠡ᠂ ᠴᠡᠪᠳᠡᠭ ᠲᠦ ᠬᠠᠳᠠᠭᠠᠯᠠᠭᠳᠠᠭᠰᠠᠨ ᠥᠷᠥᠮ᠎ᠡ ᠲᠡᠢ ᠸᠠᠭᠠᠷ ᠢ ᠣᠯᠤᠯ᠎ᠠ᠃

ᠠᠷᠤᠬᠠᠩᠭᠠᠢ ᠠᠢᠮᠠᠭ ᠤᠨ 《ᠭᠣᠣᠯ ᠮᠣᠳᠣ》ᠭᠡᠳᠡᠭ ᠭᠠᠵᠠᠷ ᠲᠤ ᠾᠦᠩᠨᠤ ᠶᠢᠨ ᠡᠵᠡᠨᠳᠦ ᠭᠦᠷᠦᠨ ᠦ ᠬᠣᠶᠠᠷ ᠲᠣᠮᠣ ᠢᠵᠠᠭᠤᠷᠲᠠᠨ ᠤ ᠪᠤᠯᠠᠰᠢ ᠢᠯᠡᠷᠡᠵᠦ᠂ ᠴᠢᠬᠤᠯᠠ ᠬᠣᠪᠣᠷ ᠣᠯᠳᠠᠪᠤᠷᠢ ᠨᠤᠭᠤᠳ ᠣᠯᠳᠠᠵᠤ᠂ ᠰᠤᠳᠤᠯᠭ᠎ᠠ ᠬᠢᠭᠰᠡᠨ᠃ ᠮᠣᠩᠭᠣᠯ ᠤᠨ ᠡᠵᠡᠨᠲᠦ ᠭᠦᠷᠦᠨ ᠦ ᠳᠤᠷᠠᠰᠬᠠᠯᠲᠤ ᠭᠠᠵᠠᠷ《ᠭᠣᠣᠯ ᠮᠣᠳᠣ》 ᠭᠡᠳᠡᠭ ᠨᠡᠷ᠎ᠡ ᠲᠡᠢ ᠪᠠᠢᠭ᠎ᠠ ᠨᠢ ᠨᠡᠷ᠎ᠡ ᠤᠰᠤ ᠴᠢᠬᠤᠯᠠ ᠠᠴᠢ ᠬᠣᠯᠪᠣᠭᠳᠠᠯ ᠲᠠᠢ ᠶᠢ ᠢᠯᠡᠷᠬᠡᠢᠢᠯᠡᠵᠦ ᠪᠠᠢᠨ᠎ᠠ᠃ ᠡᠷᠲᠡ ᠡᠳᠦᠭᠡ ᠦᠶ᠎ᠡ ᠶᠢᠨ ᠲᠣᠨᠣᠭᠤᠯ ᠬᠤᠯᠠᠭᠠᠢ ᠮᠣᠩᠭᠣᠯ ᠳᠤ ᠮᠠᠰᠢ ᠶᠡᠬᠡ ᠪᠠᠢᠨ᠎ᠠ᠃ ᠲᠡᠢᠮᠦ ᠡᠴᠡ ᠲᠣᠨᠣᠭᠤᠯ ᠬᠤᠯᠠᠭᠠᠢ ᠶᠢ ᠵᠣᠭᠰᠣᠭᠠᠬᠤ᠂ ᠲᠡᠦᠬᠡ ᠰᠤᠶᠤᠯ ᠤᠨ ᠳᠤᠷᠠᠰᠬᠠᠯ ᠢ ᠬᠠᠮᠠᠭᠠᠯᠠᠬᠤ ᠬᠡᠷᠡᠭᠲᠡᠢ᠃

ᠪᠢᠳᠡ ᠳᠣᠯᠣᠭᠠᠨ ᠳᠤᠷᠠᠰᠬᠠᠯ ᠮᠠᠯᠲᠠᠯ᠎ᠠ᠂ ᠪᠠᠷᠤᠭ 90 ᠬᠤᠪᠢ ᠨᠢ ᠡᠷᠲᠡ ᠦᠶ᠎ᠡ ᠳᠦ ᠪᠡᠨ ᠲᠣᠨᠣᠭᠳᠠᠭᠰᠠᠨ ᠪᠠᠢᠯ᠎ᠠ᠃ ᠡᠭᠦᠨ ᠳᠦ ᠬᠠᠷᠢᠴᠠᠩᠭᠤᠢ ᠨᠢᠭᠡ ᠪᠦᠷᠢᠨ ᠪᠦᠲᠦᠨ ᠬᠠᠳᠠᠭᠠᠯᠠᠭᠳᠠᠭᠰᠠᠨ ᠳᠤᠷᠠᠰᠬᠠᠯ ᠢ ᠮᠠᠯᠲᠠᠨ ᠰᠤᠳᠤᠯᠵᠤ᠂ ᠮᠣᠩᠭᠣᠯ ᠤᠨ ᠡᠵᠡᠨᠲᠦ ᠭᠦᠷᠦᠨ ᠦ ᠲᠡᠦᠬᠡᠨ ᠳᠦ ᠬᠣᠯᠪᠣᠭᠳᠠᠬᠤ ᠬᠣᠪᠣᠷ ᠰᠣᠨᠢᠨ ᠣᠯᠳᠠᠪᠤᠷᠢ ᠬᠡᠷᠡᠭᠯᠡᠭᠳᠡᠬᠦᠨ ᠢ ᠢᠯᠡᠷᠡᠭᠦᠯᠦᠯ᠎ᠡ᠃ ᠲᠡᠷᠡ ᠨᠢ ᠨᠡᠯᠢᠶᠡᠳ ᠥᠨᠳᠥᠷ ᠲᠡᠢ ᠨᠠᠰᠤᠲᠠᠢ ᠡᠮᠡᠭᠲᠡᠢ ᠬᠦᠮᠦᠨ ᠦ ᠪᠤᠯᠠᠰᠢ ᠪᠠᠢᠭᠰᠠᠨ᠃ ᠤᠭ ᠪᠤᠯᠠᠰᠢᠨ ᠠᠴᠠ ᠡᠮᠡᠭᠡᠯ᠂ ᠳᠥᠷᠥᠭᠡ᠂ ᠲᠤᠬᠠᠢ ᠶᠢᠨ ᠦᠶ᠎ᠡ ᠳᠦ ᠬᠡᠷᠡᠭᠯᠡᠵᠦ ᠪᠠᠢᠭᠰᠠᠨ ᠮᠣᠷᠢᠨ ᠤ ᠲᠣᠨᠣᠭ ᠬᠡᠷᠡᠭᠰᠡᠯ ᠦᠳ ᠪᠦᠷᠢᠨ ᠡᠬᠡ ᠪᠡᠷ ᠢᠶᠡᠨ ᠭᠠᠷᠤᠭᠰᠠᠨ ᠬᠡᠮᠡᠨ ᠶᠠᠷᠢᠯ᠎ᠠ᠃

ᠬᠥᠪᠰᠥᠭᠥᠯ ᠠᠢᠮᠠᠭ ᠤᠨ ᠵᠠᠰᠠᠭ ᠳᠠᠷᠤᠭ᠎ᠠ ᠯ ∙ ᠲᠡᠮᠦᠷᠪᠠᠭᠠᠲᠤᠷ ᠰᠤᠳᠤᠯᠭᠠᠨ ᠤ ᠪᠠᠭ ᠤᠨ ᠠᠵᠢᠯ ᠲᠠᠢ ᠭᠠᠵᠠᠷ ᠳᠡᠭᠡᠷ᠎ᠡ ᠨᠢ ᠲᠠᠨᠢᠯᠴᠠᠵᠤ᠂ ᠲᠡᠦᠬᠡ ᠰᠤᠶᠤᠯ  ᠤᠨ ᠥᠪ ᠢ ᠬᠠᠮᠠᠭᠠᠯᠠᠬᠤ᠂ ᠴᠢᠨᠠᠭᠰᠢᠳᠠ ᠶᠢᠨ ᠰᠤᠳᠤᠯᠭᠠᠨ ᠦ ᠠᠵᠢᠯ ᠢ ᠳᠡᠮᠵᠢᠨ᠂ ᠬᠠᠮᠲᠤᠷᠠᠨ ᠠᠵᠢᠯᠯᠠᠬᠤ ᠪᠠᠨ ᠬᠡᠯᠡᠭᠰᠡᠨ ᠪᠠᠢᠨ᠎ᠠ᠃

ᠣᠳᠣ ᠪᠠᠷ ᠢᠯᠡᠷᠡᠭᠰᠡᠨ ᠣᠯᠳᠠᠪᠤᠷᠢ ᠨᠤᠭᠤᠳ ᠢ ᠪᠦᠷᠢᠳᠬᠡᠨ ᠪᠠᠷᠢᠮᠲᠠᠵᠢᠭᠤᠯᠬᠤ᠂ ᠰᠡᠷᠭᠦᠭᠡᠨ ᠵᠠᠰᠠᠪᠤᠷᠢᠯᠠᠬᠤ᠂ ᠨᠠᠷᠢᠪᠴᠢᠯᠠᠭᠰᠠᠨ ᠰᠢᠨᠵᠢᠯᠡᠭᠡ ᠬᠢᠬᠦ ᠠᠵᠢᠯ  ᠤᠳ ᠦᠷᠭᠦᠯᠵᠢᠯᠡᠵᠦ ᠪᠠᠢᠭ᠎ᠠ ᠪᠥᠭᠡᠳ ᠰᠤᠳᠤᠯᠭᠠᠨ ᠤ ᠦᠷ᠎ᠡ ᠳ᠋ᠦᠩ ᠢᠶᠠᠨ ᠣᠯᠠᠨ ᠨᠡᠢᠲᠡ ᠳᠦ ᠦᠶ᠎ᠡ ᠱᠠᠲᠤ ᠲᠠᠢ ᠪᠠᠷ ᠲᠠᠨᠢᠯᠴᠠᠭᠤᠯᠬᠤ ᠶᠤᠮ ᠪᠠᠢᠨ᠎ᠠ᠃

ᠰᠡᠳᠬᠢᠭᠳᠡᠯ ᠦᠯᠡᠳᠡᠭᠡᠬᠦ