ᠬᠤᠢᠳᠦ ᠪᠥᠰᠡ ᠶᠢᠨ ᠨᠡᠢᠲᠡ ᠶᠢᠨ ᠨᠣᠮ ᠤᠨ ᠰᠠᠩ ᠤᠳ ᠤᠨ ᠬᠠᠮᠲᠤ ᠶᠢᠨ ᠠᠵᠢᠯᠯᠠᠭᠠᠨ ᠤ ᠬᠦᠷᠢᠶᠡᠨ ᠳᠦ ᠪᠥᠰᠡ ᠨᠤᠲᠤᠭ ᠤᠨ ᠬᠠᠷᠢᠯᠴᠠᠭ᠎ᠠ ᠶᠢ ᠥᠷᠭᠡᠵᠢᠭᠦᠯᠬᠦ᠂ ᠤᠷᠠᠯᠢᠭ᠂ ᠰᠤᠶᠤᠯ᠂ ᠤᠳᠬ᠎ᠠ ᠵᠣᠬᠢᠶᠠᠯ ᠢ ᠲᠦᠭᠡᠭᠡᠨ ᠳᠡᠯᠭᠡᠷᠡᠭᠦᠯᠬᠦ ᠵᠣᠷᠢᠯᠭ᠎ᠠ ᠪᠠᠷ ᠤᠯᠠᠮᠵᠢᠯᠠᠯ ᠪᠣᠯᠭᠠᠨ ᠵᠣᠬᠢᠶᠠᠨ ᠪᠠᠢᠭᠤᠯᠳᠠᠭ 《ᠤᠷᠠᠨ ᠰᠡᠳᠬᠢᠮᠵᠢ》 ᠪᠣᠭᠣᠨᠢ ᠥᠭᠦᠯᠡᠯᠭᠡ ᠶᠢᠨ ᠨᠠᠭᠠᠳᠤᠮ ᠡᠨᠡ ᠵᠢᠯ ᠬᠥᠪᠰᠥᠭᠥᠯ ᠠᠢᠮᠠᠭ ᠲᠤ ᠪᠣᠯᠤᠯ᠎ᠠ᠃
ᠡᠨᠡ ᠵᠢᠯ ᠦᠨ ᠤᠷᠤᠯᠳᠤᠭᠠᠨ ᠤ ᠡᠬᠢᠨ ᠦ ᠱᠠᠲᠤᠨ ᠳᠤ ᠨᠡᠢᠲᠡ 16 ᠵᠣᠬᠢᠶᠠᠯᠴᠢ ᠶᠢᠨ 24 ᠪᠦᠲᠦᠭᠡᠯ ᠢᠷᠡᠭᠰᠡᠨ ᠡᠴᠡ ᠬᠣᠶᠠᠳᠤᠭᠠᠷ ᠱᠠᠲᠤᠨ ᠳᠤ 13 ᠵᠣᠬᠢᠶᠠᠯᠴᠢ ᠶᠢᠨ 13 ᠪᠦᠲᠦᠭᠡᠯ ᠰᠢᠯᠭᠠᠷᠠᠵᠤ᠂ ᠭᠤᠷᠪᠠᠳᠤᠭᠠᠷ ᠱᠠᠲᠤᠨ ᠳᠤ ᠰᠢᠯᠢᠳᠡᠭ ᠦᠳ ᠥᠷᠢᠰᠦᠯᠳᠦᠭᠰᠡᠨ ᠪᠠᠢᠨ᠎ᠠ᠃ ᠪᠣᠭᠣᠨᠢ ᠥᠭᠦᠯᠡᠯᠭᠡ ᠶᠢᠨ ᠨᠠᠭᠠᠳᠤᠮ ᠳᠤ ᠬᠥᠪᠰᠥᠭᠥᠯ ᠠᠢᠮᠠᠭ ᠤᠨ ᠵᠣᠬᠢᠶᠠᠯᠴᠢ ᠠ᠊ ∙ ᠳᠠᠰᠢᠴᠤᠤᠵᠢ《ᠴᠤᠤᠷᠢᠶ᠎ᠠ》 ᠥᠭᠦᠯᠡᠯᠭᠡ ᠪᠡᠷ ᠢᠶᠡᠨ ᠲᠡᠷᠢᠭᠦᠯᠡᠵᠦ᠂ ᠳᠡᠳ᠋ ᠪᠠᠢᠷᠢ ᠳᠤ ᠬᠥᠪᠰᠥᠭᠥᠯ ᠠᠢᠮᠠᠭ ᠤᠨ ᠲᠡᠮᠦᠷᠪᠤᠯᠠᠭ ᠰᠤᠮᠤ ᠶᠢᠨ ᠵᠣᠬᠢᠶᠠᠯᠴᠢ ᠪ ∙ ᠪᠠᠲᠤᠮᠦ᠋ᠩᠬᠡ 《ᠲᠩᠷᠢ ᠳᠦ ᠲᠡᠮᠡᠦᠯᠦᠭᠰᠡᠨ ᠨᠡᠭᠦᠳᠡᠯ》᠂ ᠭᠤᠲᠠᠭᠠᠷ ᠪᠠᠢᠷᠢ ᠳᠤ ᠪᠤᠯᠠᠭᠠᠨ ᠠᠢᠮᠠᠭ ᠤᠨ ᠵᠣᠬᠢᠶᠠᠯᠴᠢ ᠪ ∙ ᠰᠡᠷᠡᠩᠵᠠᠮᠰᠤ ᠶᠢᠨ《ᠰᠢᠲᠦᠭᠡᠨ》ᠥᠭᠦᠯᠡᠯᠭᠡ ᠰᠢᠯᠭᠠᠷᠠᠵᠠᠢ᠃



