《ᠰᠠᠢᠬᠠᠨ ᠤ ᠰᠠᠷᠯᠤᠭ》 ᠤᠨ ᠪᠠᠶᠠᠷ ᠤᠭ᠍ᠶᠤᠲᠤ ᠶᠢᠨ ᠬᠥᠨᠳᠡᠢ ᠳᠦ ᠪᠣᠯᠤᠨ᠎ᠠ | News.MN

《ᠰᠠᠢᠬᠠᠨ ᠤ ᠰᠠᠷᠯᠤᠭ》 ᠤᠨ ᠪᠠᠶᠠᠷ ᠤᠭ᠍ᠶᠤᠲᠤ ᠶᠢᠨ ᠬᠥᠨᠳᠡᠢ ᠳᠦ ᠪᠣᠯᠤᠨ᠎ᠠ

ᠡᠮᠦᠨᠡᠭᠣᠪᠢ ᠠᠢᠮᠠᠭ ᠠᠶᠠᠯᠠᠯ ᠵᠢᠭᠤᠯᠴᠢᠯᠠᠯ ᠤᠨ ᠰᠠᠯᠪᠤᠷᠢ ᠶᠢᠨ ᠬᠥᠭᠵᠢᠯ ᠢ ᠳᠡᠮᠵᠢᠬᠦ ᠪᠣᠳᠣᠯᠭ᠎ᠠ ᠶᠢᠨ ᠬᠦᠷᠢᠶᠡᠨ ᠳᠦ 《ᠰᠠᠢᠬᠠᠨ ᠤ ᠰᠠᠷᠯᠤᠭ》 ᠦᠨ ᠪᠠᠶᠠᠷ ᠢ 12 ᠳᠠᠬᠢ ᠵᠢᠯ ᠳᠦ ᠪᠡᠨ ᠤᠯᠠᠮᠵᠢᠯᠠᠯ ᠪᠣᠯᠭᠠᠨ ᠲᠡᠮᠳᠡᠭ᠍ᠯᠡᠬᠦ ᠭᠡᠵᠦ ᠪᠠᠢᠨ᠎ᠠ᠃ ᠡᠨᠡ ᠵᠢᠯ ᠦᠨ ᠪᠠᠶᠠᠷ ᠢ ᠬᠠᠨᠬᠣᠩᠭᠣᠷ ᠰᠤᠮᠤ ᠶᠢᠨ ᠮᠠᠨᠳᠤᠬᠤ ᠪᠠᠭ ᠤᠨ ᠨᠤᠲᠤᠭ ᠳᠡᠪᠢᠰᠬᠡᠷ ᠲᠦ ᠣᠷᠣᠰᠢᠳᠠᠭ ᠤᠭ᠍ᠶᠤᠲᠤ  ᠶᠢᠨ ᠬᠥᠨᠳᠡᠢ ᠦᠨᠡᠭᠡᠳᠦ ᠬᠡᠮᠡᠬᠦ ᠭᠠᠵᠠᠷ ᠲᠤ ᠡᠨᠡ ᠰᠠᠷ᠎ᠠ ᠶᠢᠨ 30 ᠤ ᠡᠳᠦᠷ ᠬᠢᠬᠦ ᠪᠡᠷ ᠲᠥᠯᠥᠪᠯᠡᠵᠡᠢ᠃

ᠪᠠᠶᠠᠷ ᠤᠨ ᠦᠶ᠎ᠡ ᠪᠡᠷ ᠰᠠᠷᠯᠤᠭ ᠮᠠᠯᠯᠠᠭᠠᠨ ᠤ ᠤᠯᠠᠮᠵᠢᠯᠠᠯᠲᠤ ᠥᠪ ᠰᠤᠶᠤᠯ᠂ ᠨᠡᠭᠦᠳᠡᠯᠴᠢᠳ ᠦᠨ ᠠᠬᠤᠢ ᠠᠮᠢᠳᠤᠷᠠᠯ᠂ ᠣᠷᠣᠨ ᠨᠤᠲᠤᠭ ᠤᠨ ᠣᠨᠴᠠᠯᠢᠭ ᠪᠦᠲᠦᠭᠡᠭᠳᠡᠬᠦᠨ ᠢ ᠲᠠᠨᠢᠯᠴᠠᠭᠤᠯᠤᠨ ᠰᠤᠷᠲᠠᠯᠴᠢᠯᠠᠵᠤ᠂ ᠠᠶᠠᠯᠠᠯ ᠵᠢᠭᠤᠯᠴᠢᠯᠠᠯ ᠢ ᠬᠥᠭᠵᠢᠭᠦᠯᠬᠦ᠂ ᠮᠠᠯᠴᠢᠳ ᠤᠨ ᠣᠷᠣᠯᠭ᠎ᠠ ᠪᠣᠯᠤᠨ ᠣᠷᠣᠨ ᠨᠤᠲᠤᠭ ᠤᠨ ᠡᠳ᠋ ᠦᠨ ᠵᠠᠰᠠᠭ ᠢ ᠳᠡᠮᠵᠢᠬᠦ ᠳᠦ ᠴᠢᠭᠯᠡᠭᠰᠡᠨ ᠣᠯᠠᠨ ᠲᠠᠯᠠᠲᠤ ᠦᠢᠯᠡ ᠠᠵᠢᠯᠯᠠᠭ᠎ᠠ ᠥᠷᠨᠢᠳᠡᠭ᠃ ᠮᠥᠨ ᠰᠠᠷᠯᠤᠭ ᠤᠨᠤᠬᠤ᠂ ᠰᠠᠭᠠᠬᠤ᠂ ᠰᠢᠯᠢᠮᠡᠯ ᠰᠠᠷᠯᠤᠭ ᠰᠢᠯᠭᠠᠷᠠᠭᠤᠯᠬᠤ ᠵᠡᠷᠭᠡ ᠤᠯᠠᠮᠵᠢᠯᠠᠯᠲᠤ ᠦᠵᠡᠭᠦᠯᠪᠦᠷᠢ᠂ ᠤᠷᠤᠯᠳᠤᠭᠠᠨ ᠲᠡᠮᠡᠴᠡᠭᠡᠨ ᠨᠦᠭᠦᠳ ᠨᠢ ᠵᠢᠭᠤᠯᠴᠢᠳ ᠤᠨ ᠰᠣᠨᠢᠷᠬᠠᠯ ᠢ ᠬᠠᠮᠤᠭ ᠤᠨ ᠶᠡᠬᠡ ᠲᠠᠲᠠᠳᠠᠭ ᠬᠡᠰᠡᠭ ᠦᠨ ᠨᠢᠭᠡ ᠪᠣᠯᠳᠠᠭ᠃

ᠡᠮᠦᠨᠡᠭᠣᠪᠢ ᠠᠢᠮᠠᠭ ᠤᠨ ᠬᠢᠨ 1000 ᠭᠠᠷᠤᠢ ᠰᠠᠷᠯᠤᠭ ᠲᠣᠭᠠᠯᠠᠭᠤᠯᠤᠭᠰᠠᠨ ᠨᠢ ᠰᠡᠭᠦᠯ ᠦᠨ ᠵᠢᠯ ᠦᠳ ᠲᠦ ᠮᠠᠯ ᠤᠨ ᠲᠣᠭ᠎ᠠ ᠲᠣᠯᠣᠭᠠᠢ ᠥᠰᠴᠦ ᠪᠠᠢᠭ᠎ᠠ ᠶᠢ ᠬᠠᠷᠠᠭᠤᠯᠵᠤ ᠪᠠᠢᠨ᠎ᠠ᠃

ᠰᠡᠳᠬᠢᠭᠳᠡᠯ ᠦᠯᠡᠳᠡᠭᠡᠬᠦ