ᠬᠥᠪᠰᠥᠭᠥᠯ ᠠᠢᠮᠠᠭ ᠤᠨ ᠶᠡᠷᠦᠩᠬᠡᠢ ᠪᠣᠯᠪᠠᠰᠤᠷᠠᠯ ᠤᠨ 《ᠡᠷᠳᠡᠮ ᠦᠨ ᠳᠠᠯᠠᠢ》 ᠰᠤᠷᠭᠠᠭᠤᠯᠢ ᠶᠢᠨ ᠠᠬᠠᠯᠠᠬᠤ ᠠᠩᠬᠢ ᠶᠢᠨ ᠰᠣᠷᠣᠭᠴᠢᠳ ᠪᠦᠯᠦᠭᠯᠡᠨ ᠨᠢᠭᠡᠨ ᠢᠶᠡᠨ ᠵᠣᠳᠣᠵᠤ᠂ ᠪᠡᠷᠲᠡᠯ ᠤᠴᠠᠷᠠᠭᠤᠯᠤᠭᠰᠠᠨ ᠬᠡᠷᠡᠭ ᠭᠠᠷᠴᠠᠢ᠃
ᠠᠯᠪᠠᠨ ᠪᠤᠰᠤ ᠡᠬᠢ ᠰᠤᠷᠪᠤᠯᠵᠢ ᠶᠢᠨ ᠬᠡᠯᠡᠵᠦ ᠪᠤᠢ ᠪᠠᠷ ᠬᠢᠴᠢᠶᠡᠯ ᠳᠡᠭᠡᠷ᠎ᠡ ᠪᠡᠨ ᠰᠠᠭᠤᠵᠤ ᠪᠠᠢᠬᠤ ᠳᠤ ᠨᠢ ᠭᠤᠷᠪᠠᠨ ᠰᠤᠷᠤᠭᠴᠢ ᠳᠠᠭᠤᠳᠠᠵᠤ ᠭᠠᠷᠭᠠᠨ ᠪᠦᠯᠦᠭᠯᠡᠨ ᠵᠣᠳᠣᠭᠰᠠᠨ ᠪᠠᠢᠨ᠎ᠠ᠃ ᠲᠤᠰ ᠦᠢᠯᠡ ᠶᠠᠪᠤᠳᠠᠯ ᠤᠨ ᠳᠠᠷᠠᠭ᠎ᠠ ᠬᠣᠬᠢᠷᠠᠭᠴᠢ ᠰᠤᠷᠤᠭᠴᠢ ᠬᠢᠴᠢᠶᠡᠯ ᠳᠦ ᠪᠡᠨ ᠰᠠᠭᠤᠵᠤ ᠪᠠᠢᠭᠠᠳ ᠪᠡᠶ᠎ᠡ ᠨᠢ ᠡᠪᠡᠳᠴᠦ ᠰᠤᠷᠭᠠᠭᠤᠯᠢ ᠠᠴᠠ ᠪᠠᠨ ᠭᠠᠷᠤᠭᠠᠳ ᠶᠠᠪᠤᠬᠤ ᠦᠶ᠎ᠡ ᠳᠦ ᠳᠠᠬᠢᠨ ᠲᠡᠭᠦᠨ ᠢ ᠪᠦᠯᠦᠭᠯᠡᠨ ᠵᠣᠳᠣᠵᠤ ᠲᠠᠷᠢᠬᠢ ᠶᠢ ᠨᠢ ᠴᠥᠮᠥᠯᠵᠦ᠂ ᠤᠬᠠᠭᠠᠨ ᠠᠯᠳᠠᠭᠤᠯᠤᠭᠠᠳ ᠣᠷᠬᠢᠵᠤ ᠶᠠᠪᠤᠭᠰᠠᠨ ᠪᠠᠢᠪᠠ᠃ ᠣᠳᠣ ᠡᠮᠨᠡᠯᠭᠡ ᠳᠦ ᠲᠠᠷᠢᠬᠢᠨ ᠤ ᠬᠦᠨᠳᠦ ᠬᠠᠭᠠᠯᠭᠠᠨ ᠳᠤ ᠣᠷᠣᠭᠰᠠᠨ ᠪᠡᠶ᠎ᠡ ᠨᠢ ᠮᠠᠰᠢ ᠬᠦᠨᠳᠦ ᠦᠬᠦᠬᠦ᠂ ᠰᠡᠬᠡᠬᠦ ᠶᠢᠨ ᠵᠠᠭᠠᠭ ᠳᠡᠭᠡᠷ᠎ᠡ ᠪᠠᠢᠨ᠎ᠠ᠃ ᠡᠮᠴᠢ ᠨᠠᠷ ᠄ 《ᠪᠤᠴᠠᠵᠤ ᠪᠣᠰᠤᠨ᠎ᠠ ᠭᠡᠵᠦ ᠬᠡᠯᠡᠵᠦ ᠴᠢᠳᠠᠬᠤ ᠦᠭᠡᠢ᠂ ᠮᠠᠰᠢ ᠬᠦᠨᠳᠦ ᠪᠠᠢᠨ᠎ᠠ》 ᠭᠡᠵᠦ ᠮᠡᠳᠡᠭᠡᠯᠡᠯ᠎ᠡ᠃



