ᠲᠥᠪ ᠠᠢᠮᠠᠭ ᠤᠨ ᠪᠠᠶᠠᠨ-ᠥᠨᠵᠢᠭᠦᠯ ᠰᠤᠮᠤ ᠶᠢᠨ ᠶᠣᠰᠣᠯᠠᠯ ᠬᠦᠨᠳᠦᠳᠬᠡᠯ ᠦᠨ ᠥᠷᠭᠥᠭᠡᠨ ᠳᠦ ᠦᠨᠳᠦᠰᠦᠨ ᠦ ᠪᠢᠴᠢᠭ ᠦᠨ ᠳᠤᠭᠤᠢᠯᠠᠩ ᠤᠨ ᠰᠤᠷᠤᠬᠴᠢ ᠨ ∙ ᠬᠤᠷᠯᠤᠮ᠎ᠠ ᠶᠢᠨ《ᠡᠭᠡᠰᠢᠭ᠍ᠯᠡᠩᠲᠦ ᠪᠢᠴᠢᠭ》 ᠦᠵᠡᠰᠭᠦᠯᠡᠩ ᠢ ᠳᠡᠯᠭᠡᠯ᠎ᠡ᠃ ᠦᠵᠡᠰᠭᠦᠯᠡᠩ ᠳᠦ ᠲᠡᠭᠦᠨ ᠦ ᠤᠷᠠᠨ ᠪᠢᠴᠢᠯᠭᠡ ᠶᠢᠨ 30 ᠭᠠᠷᠤᠢ ᠪᠦᠲᠦᠭᠡᠯ ᠪᠠᠭᠲᠠᠵᠠᠢ᠃
7 ᠠ ᠠᠩᠭᠢ ᠶᠢᠨ ᠰᠤᠷᠤᠬᠴᠢ ᠨ ∙ ᠬᠤᠷᠯᠤᠮ᠎ᠠ᠄ ᠳᠤᠮᠳᠠ ᠠᠩᠭᠢ ᠳᠤ ᠣᠷᠣᠭᠰᠠᠨ ᠠᠴᠠ ᠬᠣᠢᠰᠢ ᠮᠣᠩᠭᠣᠯ ᠪᠢᠴᠢᠭ ᠢᠶᠡᠷ ᠪᠢᠴᠢᠬᠦ ᠰᠣᠨᠢᠷᠬᠠᠯ ᠢᠯᠡᠭᠦᠦ ᠨᠡᠮᠡᠭ᠍ᠳᠡᠭ᠍ᠰᠡᠨ᠃ ᠮᠣᠩᠭᠣᠯ ᠪᠢᠴᠢᠭ ᠢᠶᠡᠷ ᠦᠭᠡ ᠪᠢᠴᠢᠬᠦ ᠳᠦ ᠺᠢᠷᠢᠯ ᠦᠰᠦᠭ ᠢᠶᠡᠷ ᠪᠢᠴᠢᠬᠦ ᠡᠴᠡ ᠢᠯᠡᠭᠦᠦ ᠲᠠᠢᠪᠤᠰᠢᠷᠠᠯ ᠳᠦᠷᠦᠳᠡᠭ᠃ ᠮᠥᠨ ᠢᠯᠡᠭᠦᠦ ᠤᠷᠠᠨ᠂ ᠭᠣᠶᠣ ᠬᠠᠷᠠᠭᠳᠠᠭᠤᠯᠬᠤ ᠶᠢ ᠬᠦᠰᠡᠳᠡᠭ ᠲᠤᠯᠠ ᠶᠡᠬᠡ ᠬᠢᠴᠢᠶᠡᠵᠦ᠂ ᠠᠩᠬᠠᠷᠴᠤ ᠪᠢᠴᠢᠳᠡᠭ᠃ ᠦᠨᠳᠦᠰᠦᠨ ᠦ ᠪᠢᠴᠢᠭ ᠢᠶᠡᠨ ᠰᠤᠷᠤᠯᠴᠠᠵᠤ ᠪᠤᠢ ᠦᠶ᠎ᠡ ᠲᠡᠩ ᠦᠨ ᠭᠢᠨ ᠳᠦ ᠪᠡᠨ ᠬᠠᠨᠳᠤᠨ 《ᠪᠢᠴᠢᠭ ᠦᠨ ᠮᠥᠷ ᠲᠠᠨᠢ ᠪᠠᠳᠠᠷᠠᠨ ᠭᠡᠷᠡᠯᠲᠦᠵᠦ᠂ ᠪᠦᠲᠦᠭᠡᠯ ᠦᠨ ᠵᠢᠭᠦᠷ ᠲᠠᠨᠢ ᠤᠯᠠᠮ ᠳᠡᠯᠭᠡᠷᠡᠭ》 ᠬᠡᠮᠡᠨ ᠢᠷᠦᠭᠡᠯ ᠳᠡᠪᠰᠢᠭᠦᠯᠦᠯ᠎ᠡ᠃



