ᠭᠣᠪᠢ-ᠠᠯᠲᠠᠢ ᠠᠢᠮᠠᠭ ᠤᠨ ᠵᠠᠰᠠᠭ ᠳᠠᠷᠤᠭ᠎ᠠ ᠶᠢᠨ ᠢᠪᠡᠭᠡᠯ ᠳᠣᠣᠷ᠎ᠠ ᠵᠣᠬᠢᠶᠠᠨ ᠪᠠᠢᠭᠤᠯᠵᠤ ᠪᠤᠢ 《ᠠᠯᠲᠠᠢ ᠪᠠᠨ ᠨᠣᠮ ᠲᠠᠢ ᠬᠣᠲᠠ ᠪᠣᠯᠭᠠᠶ᠎ᠠ》 ᠠᠶᠠᠨ ᠢᠶᠠᠷ 10000 ᠨᠣᠮ ᠴᠤᠭᠯᠠᠭᠤᠯᠵᠤ᠂ ᠠᠢᠮᠠᠭ ᠤᠨ ᠪᠣᠯᠣᠨ ᠰᠤᠮᠤᠳ ᠤᠨ ᠨᠡᠢᠲᠡ ᠶᠢᠨ ᠨᠣᠮ ᠤᠨ ᠰᠠᠩ ᠤᠨ ᠰᠠᠩ ᠬᠥᠮᠥᠷᠭᠡ ᠶᠢ ᠪᠠᠶᠠᠵᠢᠭᠤᠯᠬᠤ ᠵᠣᠷᠢᠯᠭ᠎ᠠ ᠲᠠᠢ ᠪᠥᠭᠡᠳ ᠠᠮᠵᠢᠯᠲᠠᠲᠠᠢ ᠥᠷᠨᠢᠵᠦ ᠪᠠᠢᠨ᠎ᠠ᠃
ᠡᠨᠡ ᠬᠦ ᠠᠶᠠᠨ ᠢ ᠵᠢᠯ ᠪᠦᠷᠢ ᠤᠯᠠᠮᠵᠢᠯᠠᠯ ᠪᠣᠯᠭᠠᠨ ᠵᠣᠬᠢᠶᠠᠨ ᠪᠠᠢᠭᠤᠯᠳᠠᠭ ᠨᠣᠮ ᠤᠨ ᠪᠠᠶᠠᠷ ᠤᠨ ᠬᠦᠷᠢᠶᠡᠨ ᠳᠦ ᠡᠨᠡ ᠰᠠᠷ᠎ᠠ ᠶᠢᠨ 4-22 ᠤ ᠬᠣᠭᠣᠷᠣᠨᠳᠤ ᠤᠯᠠᠭᠠᠨᠪᠠᠭᠠᠲᠤᠷ ᠬᠣᠲᠠ ᠪᠣᠯᠣᠨ ᠠᠢᠮᠠᠭ ᠤᠨ ᠬᠡᠮᠵᠢᠶᠡᠨ ᠳᠦ ᠥᠷᠨᠢᠭᠦᠯᠵᠡᠢ᠃ ᠲᠠᠪᠤᠳᠤᠭᠠᠷ ᠰᠠᠷ᠎ᠠ ᠶᠢᠨ 4 ᠳᠦ ᠡᠬᠢᠯᠡᠭ᠍ᠰᠡᠨ ᠤᠭ ᠠᠶᠠᠨ ᠳᠤ 20 ᠭᠠᠷᠤᠢ ᠬᠣᠨᠣᠭ ᠤᠨ ᠬᠤᠭᠤᠴᠠᠭᠠᠨ ᠳᠤ ᠨᠡᠢᠲᠡ 13449 ᠨᠣᠮ ᠴᠤᠭᠯᠠᠷᠠᠭᠰᠠᠨ ᠪᠥᠭᠡᠳ ᠡᠳᠡᠭᠡᠷ ᠨᠣᠮ ᠢ 《ᠵᠢᠩᠭᠠᠷ》 ᠨᠡᠢᠲᠡ ᠶᠢᠨ ᠨᠣᠮ ᠤᠨ ᠰᠠᠩ ᠪᠣᠯᠣᠨ 17 ᠰᠤᠮᠤ᠂ 2 ᠲᠣᠰᠬᠣᠨ ᠤ ᠨᠣᠮ ᠤᠨ ᠰᠠᠩ ᠳᠤ ᠬᠤᠪᠢᠶᠠᠷᠢᠯᠠᠨ ᠬᠦᠷᠭᠡᠨ᠎ᠡ᠃



