ᠵ ∙ ᠭᠦᠷᠦᠷᠠᠭᠴᠠ ᠰᠠᠨᠰᠠᠷ ᠲᠤ ᠨᠢᠰᠦᠭᠰᠡᠨ ᠦ 45 ᠵᠢᠯ ᠦᠨ ᠣᠢ ᠶᠢᠨ ᠬᠦᠷᠢᠶᠡᠨ ᠳᠦ 《 ᠳᠥᠯᠥ-2026》 ᠴᠡᠷᠢᠭ ᠰᠫᠣᠷᠲ ᠤᠨ ᠴᠣᠭᠴᠠᠯᠠᠪᠤᠷᠢ ᠲᠡᠮᠡᠴᠡᠭᠡᠨ ᠪᠤᠯᠠᠭᠠᠨ ᠠᠢᠮᠠᠭ ᠲᠤ ᠡᠬᠢᠯᠡᠯ᠎ᠡ᠃ ᠲᠡᠮᠡᠴᠡᠭᠡᠨ ᠳᠦ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠨᠤᠭᠤᠳ᠂ ᠫᠤᠯᠢᠲ᠋ᠧᠭ᠍ᠨᠢᠭ ᠤᠨ ᠺᠣᠯᠯᠧᠵᠢ ᠪᠣᠯᠤᠨ ᠰᠤᠮᠤᠳ ᠤᠨ ᠲᠥᠯᠥᠭᠡᠯᠡᠯ ᠡᠴᠡ ᠪᠦᠷᠢᠳᠦᠭᠰᠡᠨ 11 ᠪᠠᠭ ᠣᠷᠣᠯᠴᠠᠵᠤ ᠪᠠᠢᠨ᠎ᠠ᠃
ᠪᠤᠯᠠᠭᠠᠨ ᠠᠢᠮᠠᠭ ᠤᠨ ᠬᠡᠮᠵᠢᠶᠡᠨ ᠳᠦ ᠵᠣᠬᠢᠶᠠᠨ ᠪᠠᠢᠭᠤᠯᠤᠭᠳᠠᠳᠠᠭ《 ᠳᠥᠯᠥ-2026》 ᠲᠡᠮᠡᠴᠡᠭᠡᠨ ᠨᠢ ᠥᠰᠪᠦᠷᠢ ᠦᠶ᠎ᠡ᠂ ᠵᠠᠯᠠᠭᠤᠴᠤᠳ ᠲᠤ ᠡᠬᠡ ᠣᠷᠣᠨᠴᠢ ᠦᠵᠡᠯ ᠲᠥᠯᠦᠪᠰᠢᠭᠦᠯᠬᠦ᠂ ᠴᠡᠷᠢᠭ ᠰᠫᠣᠷᠲ ᠤᠨ ᠮᠡᠳᠡᠯᠭᠡ᠂ ᠤᠷ᠎ᠠ ᠴᠢᠳᠠᠪᠤᠷᠢ ᠶᠢ ᠨᠡᠮᠡᠭᠳᠡᠭᠦᠯᠬᠦ᠂ ᠬᠠᠮᠲᠤ ᠶᠢᠨ ᠠᠵᠢᠯᠯᠠᠭ᠎ᠠ ᠂ ᠰᠠᠬᠢᠯᠭ᠎ᠠ ᠪᠠᠲᠤ᠂ ᠵᠣᠬᠢᠶᠠᠨ ᠪᠠᠢᠭᠤᠯᠤᠯᠲᠠ᠂ ᠲᠡᠰᠪᠦᠷᠢ ᠬᠠᠲᠠᠭᠤᠵᠢᠯ ᠢ ᠬᠥᠭᠵᠢᠭᠦᠯᠬᠦ ᠳᠦ ᠴᠢᠭᠯᠡᠵᠦ ᠪᠠᠢᠨ᠎ᠠ᠃
ᠲᠡᠮᠡᠴᠡᠭᠡᠨ ᠳᠦ ᠣᠷᠣᠯᠴᠠᠭᠴᠢᠳ ᠤᠨ ᠲᠣᠭ᠎ᠠ ᠵᠢᠯ ᠡᠴᠡ ᠵᠢᠯ ᠳᠦ ᠨᠡᠮᠡᠭᠳᠡᠵᠦ᠂ ᠬᠠᠮᠤᠷᠬᠤ ᠬᠦᠷᠢᠶ᠎ᠡ ᠨᠢ ᠥᠷᠭᠡᠵᠢᠭᠰᠡᠭᠡᠷ ᠪᠠᠢᠨ᠎ᠠ᠃ ᠠᠢᠮᠠᠭ ᠤᠨ ᠱᠠᠲᠤᠨ ᠳᠤ ᠠᠬᠠᠯᠠᠬᠤ ᠠᠩᠬᠢ ᠶᠢᠨ ᠰᠤᠷᠤᠭᠴᠢᠳ ᠪᠠᠭ ᠤᠨ ᠪᠦᠷᠢᠯᠳᠦᠬᠦᠨ ᠢᠶᠡᠷ ᠣᠷᠣᠯᠴᠠᠵᠤ᠂ ᠵᠢᠯ ᠳᠦ ᠳᠤᠮᠳᠠᠴᠢ ᠪᠠᠷ 150-250 ᠣᠷᠴᠢᠮ ᠬᠡᠦᠬᠡᠳ ᠬᠠᠮᠤᠷᠤᠭᠳᠠᠳᠠᠭ ᠪᠣᠯ ᠤᠯᠤᠰ ᠤᠨ ᠱᠠᠲᠤᠨ ᠳᠤ 21 ᠠᠢᠮᠠᠭ᠂ ᠶᠢᠰᠦᠨ ᠳᠡᠭᠦᠷᠭᠡ ᠡᠴᠡ ᠰᠢᠯᠭᠠᠷᠠᠭᠰᠠᠨ ᠰᠢᠯᠢᠳᠡᠭ ᠪᠠᠭ ᠤᠳ ᠥᠷᠢᠰᠦᠯᠳᠦᠵᠦ᠂ 300-400 ᠣᠷᠴᠢᠮ ᠬᠡᠦᠬᠡᠳ ᠣᠷᠣᠯᠴᠠᠳᠠᠭ ᠪᠣᠯᠵᠠᠢ᠃



