《ᠤᠭ᠍ᠶᠤ ᠴᠣᠮᠣ-2026》 ᠪᠦᠵᠢᠭ ᠦᠨ ᠰᠫᠣᠷᠲ ᠤᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠰᠠᠷ᠎ᠠ ᠶᠢᠨ 23 ᠳᠦ ᠡᠷᠳᠡᠨᠢᠲᠦ ᠦᠢᠯᠡᠳᠪᠦᠷᠢ ᠶᠢᠨ 《 ᠬᠠᠨ ᠭᠠᠷᠤᠳᠢ ᠫᠠᠯᠠᠰ》 ᠲᠤ ᠡᠬᠢᠯᠡᠯ᠎ᠡ᠃
ᠡᠨᠡ ᠤᠳᠠᠭ᠎ᠠ ᠶᠢᠨ ᠲᠡᠮᠡᠴᠡᠭᠡᠨ ᠳᠦ ᠤᠯᠠᠭᠠᠨᠪᠠᠭᠠᠲᠤᠷ ᠬᠣᠲᠠ ᠪᠣᠯᠤᠨ ᠣᠷᠬᠣᠨ᠂ ᠳᠠᠷᠬᠠᠨ-ᠠᠭᠤᠯᠠ᠂ ᠡᠮᠦᠨᠡᠭᠣᠪᠢ᠂ ᠥᠪᠦᠷᠬᠠᠩᠭᠠᠢ᠂ ᠬᠡᠨᠲᠡᠢ᠂ ᠪᠠᠶᠠᠨᠬᠣᠩᠭᠣᠷ᠂ ᠭᠤᠪᠢᠰᠦ᠋ᠮᠪᠤᠷ ᠵᠡᠷᠭᠡ ᠠᠢᠮᠠᠭ ᠤᠨ 20 ᠣᠷᠴᠢᠮ ᠺᠯᠦ᠋ᠪ ᠤᠨ 600 ᠭᠠᠷᠤᠢ ᠲᠠᠮᠢᠷᠴᠢᠨ ᠣᠷᠣᠯᠴᠠᠵᠤ᠂ ᠤᠷ᠎ᠠ ᠴᠢᠳᠠᠪᠤᠷᠢ᠂ ᠠᠪᠢᠶᠠᠰ ᠪᠢᠯᠢᠭ ᠢᠶᠡᠨ ᠰᠣᠷᠢᠨ ᠥᠷᠢᠰᠦᠯᠳᠦᠵᠦ ᠪᠠᠢᠨ᠎ᠠ ᠃
《ᠤᠭ᠍ᠶᠤ》ᠬᠣᠯᠪᠣᠭ᠎ᠠ ᠨᠢ 2001 ᠣᠨ ᠳᠤ ᠣᠷᠣᠰ ᠤᠨ ᠡᠷᠬᠦᠦ ᠬᠣᠲᠠ ᠶᠢᠨ ᠪᠦᠵᠢᠭ ᠦᠨ ᠺᠯᠦ᠋ᠪ ᠲᠡᠢ ᠬᠠᠮᠲᠤᠷᠠᠭᠰᠠᠨ ᠰᠤᠷᠭᠠᠯᠲᠠ ᠪᠠᠷ ᠦᠢᠯᠡ ᠠᠵᠢᠯᠯᠠᠭ᠎ᠠ ᠪᠠᠨ ᠡᠬᠢᠯᠡᠭᠦᠯᠦᠭᠰᠡᠨ ᠪᠥᠭᠡᠳ ᠮᠣᠩᠭᠣᠯ ᠤᠨ ᠪᠦᠵᠢᠭ ᠦᠨ ᠰᠫᠣᠷᠲ ᠤᠨ ᠬᠣᠯᠪᠣᠭ᠎ᠠ ᠲᠠᠢ ᠬᠠᠮᠲᠤᠷᠠᠨ 2004 ᠣᠨ ᠠᠴᠠ ᠬᠣᠢᠰᠢ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ ᠨᠡᠢᠲᠡ ᠨᠠᠢᠮᠠᠨ ᠤᠳᠠᠭ᠎ᠠ ᠡᠷᠳᠡᠨᠢᠲᠦ ᠬᠣᠲᠠ ᠳᠤ ᠵᠣᠬᠢᠶᠠᠨ ᠪᠠᠢᠭᠤᠯᠵᠤ ᠢᠷᠡᠭᠰᠡᠨ ᠪᠠᠢᠳᠠᠭ᠃



