ᠮᠣᠩᠭᠣᠯ ᠤᠯᠤᠰ ᠤᠨ ᠶᠡᠷᠦᠩᠬᠡᠢᠢᠯᠡᠭ᠍ᠴᠢ ᠶᠢᠨ 2012 ᠣᠨ ᠤ 158 ᠳ᠋ᠤᠭᠠᠷ ᠵᠠᠷᠯᠢᠭ ᠤᠨ ᠳᠠᠭᠠᠤ ᠵᠢᠯ ᠪᠦᠷᠢ ᠤᠯᠠᠮᠵᠢᠯᠠᠯ ᠪᠣᠯᠭᠠᠨ ᠵᠣᠬᠢᠶᠠᠨ ᠪᠠᠢᠭᠤᠯᠳᠠᠭ 《 ᠦᠨᠳᠦᠰᠦᠨ ᠤ ᠪᠢᠴᠢᠭ ᠰᠤᠶᠦᠯ ᠂ ᠨᠣᠮ ᠤᠨ ᠪᠡᠶᠡᠷ 》 ᠢᠶᠠᠷ ᠲᠥᠪ ᠠᠢᠮᠠᠭ ᠤᠨ ᠨᠡᠢᠲᠡ ᠶᠢᠨ ᠨᠣᠮ ᠤᠨ ᠰᠠᠩ ᠨᠢ ᠰᠢᠯᠢᠳᠡᠭ ᠤᠩᠰᠢᠭ᠌ᠴᠢᠳ ᠢᠶᠠᠨ ᠰᠢᠯᠭᠠᠷᠠᠭᠤᠯᠤᠯ᠎ᠠ ᠃
《 ᠰᠢᠯᠢᠳᠡᠭ ᠤᠩᠰᠢᠭ᠌ᠴᠢ ᠢᠷᠭᠡᠠ 》 ᠢᠶᠠᠷ ᠶᠠᠫᠤᠨ ᠬᠡᠯᠡᠨ ᠤ ᠪᠠᠭ᠌ᠰᠢ ᠂ 2007 ᠣᠨ ᠠᠴᠠ ᠬᠤᠢᠰᠢ ᠨᠣᠮ ᠤᠩᠰᠢᠯᠭ᠎ᠠ ᠶᠢ ᠠᠮᠢᠳᠤᠷᠠᠯ ᠤᠨ ᠢᠶᠠᠨ ᠰᠠᠯᠤᠰᠢ ᠦᠭᠡᠢ ᠬᠡᠰᠡᠭ ᠪᠣᠯᠭᠠᠭᠰᠠᠨ ᠢᠳᠡᠪᠬᠢᠲᠡᠢ ᠤᠩᠰᠢᠭ᠌ᠴᠢ ᠰ ∙ ᠣᠳᠬᠤᠨᠴᠢᠮᠡᠭ ᠰᠢᠯᠭᠠᠷᠠᠭᠰᠠᠨ ᠪᠡᠢᠢᠨ᠎ᠡ ᠃ ᠲᠡᠷᠡ ᠪᠡᠷ 2025-2026 ᠣᠨ ᠳᠤ ᠨᠡᠢᠢᠲᠡ 136 ᠨᠣᠮ ᠤᠩᠰᠢᠵᠠᠢ ᠃
ᠤᠩᠰᠢᠭ᠌ᠴᠢ ᠰ ∙ ᠣᠳᠬᠤᠨᠴᠢᠮᠡᠭ ᠄ 2025 ᠣᠨ ᠳᠤ ᠪᠢ ᠲᠠᠷᠢᠬᠢᠨ ᠤ ᠬᠦᠨᠳᠦ ᠮᠡᠰᠡ ᠵᠠᠰᠠᠯ ᠳᠤ ᠣᠷᠣᠭᠰᠠᠨ ᠃ ᠡᠮᠨᠡᠯᠭᠡ ᠳᠤ ᠬᠡᠪᠲᠡᠵᠦ ᠪᠠᠢᠬᠤ ᠬᠤᠭᠤᠴᠠᠭᠠᠨ ᠳᠤ ᠪᠠᠨ ᠣᠯᠠᠨ ᠵᠦᠢᠯ ᠳᠤ ᠰᠢᠨᠠᠯᠵᠤ᠂ ᠰᠡᠳᠬᠢᠯ ᠢᠶᠡᠷ ᠶᠡᠭᠡ ᠤᠨᠠᠭᠰᠠᠨ ᠴᠤ ᠨᠣᠮ ᠤᠩᠰᠢᠭ᠌ᠰᠠᠨ ᠢᠶᠠᠷ ᠥᠪᠡᠷ ᠢ ᠪᠠᠨ ᠵᠣᠷᠢᠭ᠌ᠵᠢᠭᠤᠯᠵᠤ᠂ ᠠᠭᠠᠵᠢᠮ ᠢᠶᠠᠷ ᠰᠡᠷᠭᠦᠭ᠍ᠰᠡᠨ᠃ ᠲᠤᠬᠠᠢ ᠶᠢᠨ ᠦᠶ᠎ᠡ ᠳᠤ ᠤᠩᠰᠢᠭ᠌ᠰᠠᠨ ᠪᠦᠬᠦ ᠨᠣᠮ ᠮᠠᠨᠢ ᠳᠣᠲᠤᠭᠠᠳᠤ᠂ ᠭᠠᠳᠠᠭᠠᠳᠤ ᠶᠢᠨ ᠤᠷᠠᠨ ᠵᠣᠬᠢᠶᠠᠯ ᠤᠨ ᠪᠦᠲᠦᠭᠡᠯ ᠤᠳ ᠪᠠᠢᠭᠰᠠᠨ ᠬᠡᠮᠡᠨ ᠶᠠᠷᠢᠯ᠎ᠠ ᠃
– ᠬᠠᠮᠦᠬ ᠤᠨ ᠣᠯᠠᠨ ᠳᠠᠬᠢᠨ ᠡᠷᠭᠢᠭᠦᠯᠵᠦ ᠤᠩᠰᠢᠳᠠᠭ ᠨᠣᠮ ᠲᠠᠨᠢ ᠶᠠᠭᠤ ᠪᠤᠢ
– ᠵ ∙ᠨᠠᠷᠠᠨ᠎ᠠ ᠶᠢᠨ ᠨᠣᠮ ᠤᠳ ᠢ ᠣᠯᠠᠨ ᠳᠠᠬᠢᠨ ᠤᠩᠰᠢᠳᠠᠭ᠃ ᠲᠡᠭᠦᠨ ᠤ ᠪᠦᠲᠦᠭᠡᠯ ᠤᠳ ᠲᠡᠦᠬᠡᠨ ᠦᠢᠯᠡ ᠶᠠᠪᠤᠳᠠᠯ ᠢ ᠰᠤᠳᠤᠯᠭᠠᠨ ᠳᠤ ᠲᠤᠯᠭᠠᠭᠤᠷᠢᠯᠠᠨ᠂ ᠮᠠᠰᠢ ᠲᠣᠳᠤᠷᠬᠠᠶ᠂ ᠣᠢᠢᠯᠠᠭᠠᠮᠵᠢᠲᠠᠢ ᠪᠠᠷ ᠥᠭᠦᠯᠡᠳᠡᠭ᠃ ᠮᠥᠨ ᠬᠥᠮᠥᠨ ᠤ ᠠᠮᠢᠳᠤᠷᠠᠯ ᠤᠨ ᠣᠯᠠᠨ ᠲᠠᠯᠠᠲᠤ ᠦᠡᠴᠦᠭ᠂ ᠵᠠᠩ ᠴᠢᠨᠠᠷ᠂ ᠲᠡᠳᠡᠭᠡᠷ ᠨᠢ ᠠᠮᠢᠳᠤᠷᠠᠯ ᠳᠤ ᠬᠡᠷᠬᠢᠨ ᠨᠥᠯᠥᠭᠡᠯᠡᠳᠡᠭ ᠢ ᠡᠩ ᠤᠨ ᠪᠥᠭᠡᠳ ᠰᠣᠨᠢᠷᠬᠠᠯᠲᠠᠢ ᠪᠠᠢᠳᠠᠯ ᠢᠶᠠᠷ ᠢᠯᠡᠷᠬᠡᠢᠢᠯᠡᠭ᠍ᠰᠡᠨ ᠪᠠᠢᠳᠠᠭ ᠃
– ᠤᠩᠰᠢᠭ᠌ᠴᠢᠳ ᠲᠤ ᠬᠠᠨᠳᠤᠵᠤ ᠶᠠᠭᠤ ᠭᠡᠵᠦ ᠬᠡᠯᠡᠮᠡᠷ ᠪᠠᠢᠨ᠎ᠠ ᠪᠤᠢ
– ᠨᠣᠮ ᠪᠣᠯ ᠰᠡᠳᠬᠢᠯ ᠤᠨ ᠠᠮᠤᠷ ᠠᠮᠤᠭᠤᠯᠠᠩ ᠢ ᠤᠯᠬᠤ ᠬᠠᠮᠤᠭ ᠤᠨ ᠲᠣᠮᠤ ᠬᠠᠭᠠᠯᠭ᠎ᠠ ᠶᠤᠮ ᠃



