ᠮᠣᠩᠭᠣᠯ ᠤᠨ ᠤᠷᠠᠨ ᠭᠤᠯᠭᠤᠯᠲᠠ ᠶ᠋ᠢᠨ ᠲᠠᠮᠢᠷᠴᠢᠨ D∙ ᠠᠮᠢᠨ᠎ᠠ 《 Thailand Open Trophy 2026 》 ᠣᠯᠠᠨ ᠤᠯᠤᠰ ᠤᠨ ᠲᠡᠮᠡᠴᠡᠭᠡᠨ ᠳᠤ ᠠᠮᠵᠢᠯᠲᠠᠲᠠᠶ ᠣᠷᠣᠯᠴᠠᠵᠤ ᠂ ᠶᠡᠭᠡ ᠰᠫᠣᠷᠲ ᠲᠤ ᠬᠥᠯ ᠲᠠᠯᠪᠢᠯ᠎ᠠ ᠃ ᠮᠠᠨ ᠤ ᠠᠩᠬᠠᠨ ᠤ ᠮᠡᠷᠭᠡᠵᠢᠯ ᠤᠨ ᠤᠷᠠᠨ ᠭᠤᠯᠭᠤᠭ᠌ᠴᠢᠳ ᠤᠨ ᠨᠢᠭᠡ ᠭ∙ ᠮᠠᠷᠠᠯᠡᠷᠳᠡᠨᠢ ᠶᠢᠨ ᠱᠠᠪᠢ ᠲᠡᠷᠡ ᠪᠡᠷ ᠠᠩᠬᠠᠨ ᠤ ᠣᠯᠠᠨ ᠤᠯᠤᠰ ᠤᠨ ᠮᠥᠰᠦᠨ ᠲᠠᠯᠠᠪᠠᠢ ᠳᠤ ᠴᠢᠳᠠᠪᠤᠷᠢ ᠪᠠᠨ ᠬᠠᠷᠠᠭᠤᠯᠤᠭᠰᠠᠨ ᠨᠢ ᠡᠨᠡ ᠃ ᠬᠢᠵᠠᠭᠠᠷᠯᠠᠭᠳᠠᠮᠠᠯ ᠪᠣᠯᠤᠮᠵᠢ ᠶᠢᠨ ᠳᠤᠮᠳᠠ ᠬᠤᠪᠢ ᠶᠢᠨ ᠢᠳᠡᠪᠬᠢ ᠵᠢᠳᠬᠦᠯ ᠢ ᠲᠤᠭᠳᠠᠮᠠᠯ ᠭᠠᠷᠭᠠᠵᠤ ᠂ ᠠᠯᠦᠰ ᠬᠤᠯᠠ ᠰᠤᠷᠴᠤ ᠪᠤᠶ ᠪᠠᠭ᠌ᠰᠢ ᠲᠠᠢ ᠪᠠᠨ ᠣᠨᠯᠠᠢᠨ ᠢᠶᠠᠷ ᠬᠢᠴᠢᠶᠡᠩᠭᠦᠢᠢᠯᠡᠨ ᠰᠤᠷᠤᠯᠴᠠᠭᠰᠠᠭᠠᠷ ᠢᠷᠡᠭ᠍ᠰᠡᠨ ᠢ ᠲᠡᠭᠦᠨ ᠤ ᠪᠠᠭ᠌ᠰᠢ ᠭ∙ ᠮᠠᠷᠠᠯᠡᠷᠳᠡᠨᠢ ᠴᠠᠬᠢᠮ ᠬᠠᠭᠤᠳᠠᠰᠤ ᠳᠤ ᠪᠡᠨ ᠳᠤᠷᠠᠳᠴᠠᠢ ᠃
ᠮᠣᠩᠭᠣᠯ ᠲᠠᠮᠢᠷᠴᠢᠨ ᠮᠣᠩᠭᠣᠯ ᠪᠠᠭ᠌ᠰᠢ ᠲᠠᠢ ᠪᠠᠨ ᠣᠯᠠᠨ ᠤᠯᠤᠰ ᠤᠨ ᠲᠡᠮᠡᠴᠡᠭᠡᠨ ᠳᠤ ᠣᠷᠣᠯᠴᠠᠭᠰᠠᠨ ᠨᠢ ᠮᠠᠨ ᠤ ᠤᠯᠤᠰ ᠤᠨ ᠤᠷᠠᠨ ᠭᠤᠯᠭᠤᠯᠲᠠ ᠶ᠋ᠢᠨ ᠬᠤᠪᠢ ᠳᠤ ᠲᠡᠦᠬᠡᠨ ᠦᠢᠯᠡ ᠶᠠᠪᠤᠳᠠᠯ ᠶᠤᠮ ᠃ ᠲᠠᠰᠢᠷᠠᠮ ᠳᠤ ᠰᠣᠨᠢᠷᠬᠠᠭᠤᠯᠬᠤ ᠳᠤ ᠂ ᠮᠠᠨ ᠤ ᠤᠯᠤᠰ ᠠᠴᠠ ᠡᠮᠦᠨ᠎ᠡ ᠨᠢ ᠤᠷᠠᠨ ᠭᠤᠯᠭᠤᠯᠲᠠ ᠶ᠋ᠢᠨ ᠰᠫᠣᠷᠲ ᠢᠶᠠᠷ ᠭ ∙ ᠮᠠᠷᠠᠯᠡᠷᠳᠡᠨᠢ ᠂ ᠣ∙ ᠮᠢᠰᠢᠶᠡᠯ ᠨᠠᠷ ᠡᠬᠡ ᠣᠷᠣᠨ ᠤ ᠪᠠᠨ ᠨᠡᠷ᠎ᠡ ᠶᠢ ᠭᠠᠷᠭᠠᠵᠤ ᠣᠯᠠᠨ ᠤᠯᠤᠰ ᠤᠨ ᠲᠡᠮᠡᠴᠡᠭᠡᠨ ᠳᠤ ᠣᠷᠣᠯᠴᠠᠵᠤ ᠪᠠᠢᠭᠰᠠᠨ ᠶᠤᠮ ᠃



