ᠬᠦᠨᠳᠦ ᠶᠢ ᠡᠷᠭᠦᠯᠲᠡ ᠶᠢᠨ ᠲᠠᠮᠢᠷᠴᠢᠳ ᠠᠽᠢᠶ᠎ᠠ ᠶᠢᠨ ᠲᠡᠮᠡᠴᠡᠭᠡᠨ ᠳᠦ ᠣᠷᠣᠯᠴᠠᠵᠠᠢ | News.MN

ᠬᠦᠨᠳᠦ ᠶᠢ ᠡᠷᠭᠦᠯᠲᠡ ᠶᠢᠨ ᠲᠠᠮᠢᠷᠴᠢᠳ ᠠᠽᠢᠶ᠎ᠠ ᠶᠢᠨ ᠲᠡᠮᠡᠴᠡᠭᠡᠨ ᠳᠦ ᠣᠷᠣᠯᠴᠠᠵᠠᠢ

ᠬᠦᠨᠳᠦ ᠶᠢ ᠡᠷᠭᠦᠯᠲᠡ ᠶᠢᠨ ᠨᠠᠰᠤᠨ ᠳᠤ ᠬᠦᠷᠦᠭ᠍ᠰᠡᠳ ᠦᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡᠳᠬᠡᠭ ᠤᠨ ᠭᠠᠨᠳᠢᠨᠠᠭᠠᠷ ᠬᠣᠲᠠ ᠳᠤ ᠪᠣᠯᠣᠯ᠎ᠠ ᠃ ᠡᠨᠡ ᠤᠳᠠᠭ᠎ᠠ ᠶᠢᠨ ᠲᠡᠮᠡᠴᠡᠭᠡᠨ ᠳᠤ 28 ᠣᠷᠣᠨ ᠤ 250 ᠭᠠᠷᠦᠢ ᠲᠠᠮᠢᠷᠴᠢᠨ ᠣᠷᠣᠯᠴᠠᠭᠰᠠᠨ ᠪᠣᠯ ᠮᠠᠨ ᠤ ᠤᠯᠤᠰ ᠠᠴᠠ ᠦᠨᠳᠦᠰᠦᠨ ᠤ ᠰᠢᠭ᠍ᠰᠢᠭᠡ ᠪᠠᠭ ᠤᠨ ᠳᠠᠰᠬᠠᠯᠵᠢᠭᠤᠯᠤᠭ᠌ᠴᠢ ᠴ᠎∙ ᠮᠠᠷᠲ ᠤᠨ ᠤᠳᠤᠷᠢᠳᠤᠯᠭ᠎ᠠ ᠳᠤ ᠡᠮᠡᠭ᠍ᠲᠡᠢᠴᠦᠳ ᠤᠨ 63 ᠺᠢᠯᠣᠭ᠍ᠷᠠᠮ ᠳᠤ ᠣᠯᠠᠨ ᠤᠯᠤᠰ ᠤᠨ ᠬᠡᠮᠵᠢᠶᠡᠨ ᠤ ᠮᠠᠰᠲ᠋ᠧᠷ ᠪ ∙ ᠬᠣᠩᠭᠤᠷᠵᠤᠯᠠ᠂ +86 ᠺᠢᠯᠣᠭ᠍ᠷᠠᠮ ᠳᠤ ᠳᠡᠳ᠋ ᠮᠠᠰᠲ᠋ᠧᠷ ᠭ ᠎∙ ᠴᠢᠩᠪᠤᠯᠤᠷ᠂ ᠡᠷᠡᠭ᠍ᠲᠡᠢᠴᠦᠳ ᠤᠨ 79 ᠺᠢᠯᠣᠭ᠍ᠷᠠᠮ ᠳᠤ ᠰᠫᠣᠷᠲ ᠤᠨ ᠮᠠᠰᠲ᠋ᠧᠷ ᠢ‍᠎∙ ᠠᠮᠤᠷᠰᠠᠨᠠᠭ᠎ᠠ ᠂ 88 ᠺᠢᠯᠣᠭ᠍ᠷᠠᠮ ᠳᠤ ᠰᠫᠣᠷᠲ ᠤᠨ ᠮᠠᠰᠲ᠋ᠧᠷ ᠤ‍᠎∙ ᠮᠥᠩᠬᠡᠪᠠᠶᠠᠷ ᠥᠷᠢᠰᠦᠯᠳᠦᠭᠡᠳ ᠡᠬᠡ ᠣᠷᠣᠨ ᠳᠤ ᠪᠠᠨ ᠢᠷᠡᠯ᠎ᠡ ᠃

ᠭ ᠎∙ ᠴᠢᠩᠪᠤᠯᠤᠷ ᠣᠭᠴᠤᠮ ᠢᠶᠠᠷ 81 ᠺᠢᠯᠣᠭ᠍ᠷᠠᠮ᠂ 86 ᠺᠢᠯᠣᠭ᠍ᠷᠠᠮ ᠂ 88 ᠺᠢᠯᠣᠭ᠍ᠷᠠᠮ᠂ ᠲᠦᠯᠬᠢᠯᠲᠡ ᠲᠠᠢ ᠪᠠᠷ 103 ᠺᠢᠯᠣᠭ᠍ᠷᠠᠮ ᠂ 108 ᠺᠢᠯᠣᠭ᠍ᠷᠠᠮ᠂ 112 ᠺᠢᠯᠣᠭ᠍ᠷᠠᠮ᠂ ᠨᠡᠢᠯᠡᠪᠦᠷᠢ ᠳ᠋ᠦᠩ ᠢᠶᠡᠷ 200 ᠺᠢᠯᠣᠭ᠍ᠷᠠᠮ  ᠢ ᠡᠷᠭᠦᠭ᠍ᠰᠡᠨ ᠢᠶᠡᠷ《ᠠ》ᠭᠷᠦ᠋ᠫ ᠲᠤ ᠥᠷᠢᠰᠦᠯᠳᠦᠭ᠍ᠰᠡᠨ 11 ᠲᠠᠮᠢᠷᠴᠢᠨ ᠠᠴᠠ ᠵᠢᠷᠭᠤᠳᠤᠭᠠᠷ ᠪᠠᠢᠷᠢ ᠳᠤ ᠰᠢᠯᠭᠠᠷᠠᠵᠠᠢ ᠃ ᠪ ∙ ᠬᠣᠩᠭᠤᠷᠵᠤᠯᠠ ᠣᠭᠴᠤᠮ 83 ᠺᠢᠯᠣᠭ᠍ᠷᠠᠮ ᠂ 86 ᠺᠢᠯᠣᠭ᠍ᠷᠠᠮ ᠂ 89 ᠺᠢᠯᠣᠭ᠍ᠷᠠᠮ ᠂ ᠲᠦᠯᠬᠢᠯᠲᠡ ᠲᠠᠢ ᠪᠠᠷ 107 ᠺᠢᠯᠣᠭ᠍ᠷᠠᠮ ᠂ 113 ᠺᠢᠯᠣᠭ᠍ᠷᠠᠮ ᠂ 117 ᠺᠢᠯᠣᠭ᠍ᠷᠠᠮ ᠂ ᠨᠡᠢᠯᠡᠪᠦᠷᠢ ᠳ᠋ᠦᠩ ᠢᠶᠡᠷ 206 ᠺᠢᠯᠣᠭ᠍ᠷᠠᠮ  ᠢ ᠡᠷᠭᠦᠵᠦ ᠂ ᠮᠥᠨ ᠵᠢᠷᠭᠤᠳᠤᠭᠠᠷ ᠪᠠᠢᠷᠢ ᠡᠵᠡᠯᠡᠭ᠍ᠰᠡᠨ ᠪᠡᠢᠨ᠎ᠡ ᠃

ᠬᠠᠷᠢᠨ ᠡᠷᠡᠭ᠍ᠲᠡᠢᠴᠦᠳ ᠡᠴᠡ 94 ᠺᠢᠯᠣᠭ᠍ᠷᠠᠮ   ᠳᠦ ᠤ‍᠎∙ ᠮᠥᠩᠬᠡᠪᠠᠶᠠᠷ ᠣᠭᠴᠤᠮ ᠢᠶᠠᠷ 123 ᠂ ᠲᠦᠯᠬᠢᠯᠲᠡ ᠲᠠᠢ ᠪᠠᠷ 151 ᠂ ᠨᠡᠢᠯᠡᠪᠦᠷᠢ ᠪᠡᠷ 274 ᠺᠢᠯᠣᠭ᠍ᠷᠠᠮ  ᠢ ᠡᠷᠭᠦᠵᠡᠢ ᠃ ᠢᠩᠭᠢᠭ᠍ᠰᠡᠨ ᠢᠶᠡᠷ ᠦᠨᠭᠭᠡᠷᠡᠭ᠍ᠰᠡᠠ ᠵᠢᠯ ᠦᠨ ᠳᠣᠯᠣᠳᠤᠭᠠᠷ ᠰᠠᠷ᠎ᠠ ᠳᠤ ᠵᠡᠭᠦᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠤ ᠡᠷᠭᠦᠭ᠍ᠰᠡᠨ 236 ᠺᠢᠯᠣᠭ᠍ᠷᠠᠮ  ᠢᠶᠠᠨ 38 ᠺᠢᠯᠣᠭ᠍ᠷᠠᠮ  ᠢᠶᠠᠷ ᠠᠬᠢᠭᠤᠯᠤᠭᠰᠠᠨ ᠪᠡᠢᠨ᠎ᠡ ᠃ ᠢ‍᠎∙ ᠠᠮᠤᠷᠰᠠᠨᠠᠭ᠎ᠠ 79 ᠺᠢᠯᠣᠭ᠍ᠷᠠᠮ ᠳᠦ ᠣᠭᠴᠤᠮ ᠢᠶᠠᠷ 108 ᠺᠢᠯᠣᠭ᠍ᠷᠠᠮ ᠂ 113 ᠺᠢᠯᠣᠭ᠍ᠷᠠᠮ ᠂ 118 ᠺᠢᠯᠣᠭ᠍ᠷᠠᠮ ᠂ ᠲᠦᠯᠬᠢᠯᠲᠡ ᠲᠠᠢ ᠪᠠᠷ 126 ᠺᠢᠯᠣᠭ᠍ᠷᠠᠮ ᠂ 128 ᠺᠢᠯᠣᠭ᠍ᠷᠠᠮ ᠂ ᠨᠡᠢᠯᠡᠪᠦᠷᠢ ᠪᠡᠷ 246 ᠺᠢᠯᠣᠭ᠍ᠷᠠᠮ  ᠢ ᠡᠷᠭᠦᠵᠦ ᠂ ᠠᠷᠪᠠᠳᠤᠭᠠᠷ ᠪᠠᠢᠷᠢ ᠡᠵᠡᠯᠡᠭ᠍ᠰᠡᠨ ᠪᠡᠢᠨ᠎ᠡ ᠃

ᠰᠡᠳᠬᠢᠭᠳᠡᠯ ᠦᠯᠡᠳᠡᠭᠡᠬᠦ