ᠭᠣᠪᠢ ᠶᠢᠨ ᠶᠡᠭᠡ ᠳᠠᠷᠬᠠᠨ ᠴᠠᠭᠠᠵᠠᠲᠤ ᠭᠠᠵᠠᠷ ᠤᠨ《ᠪ᠊ 》ᠬᠡᠰᠡᠭ ᠲᠤ ᠲᠠᠬᠢ ᠶᠢᠨ ᠲᠣᠭ᠎ᠠ ᠲᠣᠯᠤᠭᠠᠢ 300 ᠳᠠᠪᠠᠭᠰᠠᠨ ᠪᠥᠭᠡᠳ ᠣᠳᠤ ᠪᠠᠷ 16 ᠭᠡᠭᠦᠦ ᠤᠨᠠᠭᠠᠯᠠᠵᠤ ᠪᠡᠢᠨ᠎ᠡ᠃ ᠲᠣᠰ ᠭᠠᠵᠠᠷ ᠲᠤ 1992 ᠣᠨ ᠠᠴᠠ ᠡᠬᠢᠯᠡᠨ ᠡᠳᠦᠭᠡ 34 ᠳ᠋ᠡᠬᠢ ᠵᠢᠯ ᠳᠤ ᠪᠠᠨ ᠲᠠᠬᠢ ᠶᠢ ᠠᠮᠵᠢᠯᠲᠠᠲᠠᠶ ᠰᠡᠷᠭᠦᠭᠡᠨ ᠨᠤᠲᠤᠭᠰᠢᠭᠤᠯᠵᠤ ᠪᠡᠢᠨ᠎ᠡ᠃
ᠲᠠᠬᠢ ᠶᠢ ᠬᠠᠮᠠᠭᠠᠯᠠᠭᠰᠠᠨ ᠢᠶᠠᠷ ᠭᠣᠪᠢ ᠶᠢᠨ ᠪᠤᠰᠤᠳ ᠵᠡᠷᠯᠢᠭ ᠠᠮᠢᠲᠠᠳ ᠤᠨ ᠠᠮᠢᠳᠦᠷᠡᠬᠤ ᠣᠷᠴᠢᠨ ᠴᠤ ᠮᠥᠨ ᠠᠳᠡᠯᠢ ᠬᠠᠮᠠᠭᠠᠯᠠᠭᠳᠠᠳᠠᠭ ᠲᠤᠯᠠ ᠲᠤᠰ ᠭᠠᠵᠠᠷ ᠤᠨ ᠬᠠᠮᠲᠤ ᠣᠯᠠᠨ ᠡᠪᠦᠯ ᠂ ᠬᠠᠪᠤᠷ ᠤᠨ ᠤᠯᠠᠷᠢᠯ ᠳᠤ ᠠᠮᠢᠳᠦᠷᠡᠬᠤ ᠣᠷᠴᠢᠨ ᠤ ᠨᠥᠬᠥᠴᠡᠯ ᠢ ᠰᠠᠢᠵᠢᠷᠠᠭᠤᠯᠬᠤ᠂ ᠪᠢᠤ᠋ ᠲᠧᠭ᠍ᠨᠢᠭ ᠤᠨ ᠠᠷᠭ᠎ᠠ ᠬᠡᠮᠵᠢᠶ᠎ᠡ ᠶᠢ ᠲᠤᠭᠳᠠᠮᠠᠯ ᠠᠪᠴᠤ ᠬᠡᠷᠡᠭ᠍ᠵᠢᠭᠦᠯᠦᠨ ᠠᠵᠢᠯᠯᠠᠳᠠᠭ ᠲᠠᠯ᠎ᠠ ᠪᠠᠷ ᠭᠣᠪᠢ ᠶᠢᠨ ᠶᠡᠭᠡ ᠳᠠᠷᠬᠠᠨ ᠴᠠᠭᠠᠵᠠᠲᠤ ᠭᠠᠵᠠᠷ ᠤᠨ《 ᠪ᠊ 》 ᠬᠡᠰᠡᠭ ᠦᠨ ᠬᠠᠮᠠᠭᠠᠯᠠᠯᠲᠠ ᠶᠢᠨ ᠵᠠᠬᠢᠷᠭᠠᠨ ᠤ ᠳᠠᠷᠤᠭ᠎ᠠ ᠨ∙ ᠠᠯᠲᠠᠨᠰᠦ᠋ᠬᠡ ᠶᠠᠷᠢᠯ᠎ᠠ ᠃
ᠰᠣᠨᠢᠷᠬᠠᠭᠤᠯᠬᠤ ᠳᠤ᠂ ᠭᠣᠪᠢ ᠠᠯᠲᠠᠢ ᠠᠢᠮᠠᠭ ᠤᠨ ᠪᠤᠭᠤᠲᠤ ᠰᠤᠮᠤ ᠶᠢᠨ ᠨᠤᠳᠦᠬ ᠲᠡᠬᠢ ᠪᠢᠵᠢ ᠶᠢᠨ ᠠᠮᠠ ᠭᠡᠮᠡᠬᠦ ᠭᠠᠵᠠᠷ ᠲᠤ 1992 ᠣᠨ ᠳᠤ ᠲᠠᠬᠢ ᠨᠤᠲᠤᠭᠰᠢᠭᠤᠯᠤᠭᠰᠠᠨ ᠠᠴᠠ ᠬᠤᠢᠰᠢ《ᠲᠠᠬᠢ ᠶᠢᠨ ᠲᠡᠯ᠎ᠠ 》ᠬᠡᠮᠡᠨ ᠨᠡᠷᠡᠯᠡᠬᠦ ᠪᠣᠯᠣᠭᠰᠠᠨ᠃ ᠲᠠᠬᠢ ᠶᠢᠨ ᠲᠡᠯ᠎ᠠ ᠨᠢ ᠭᠣᠪᠢ ᠶᠢᠨ ᠶᠡᠭᠡ ᠳᠠᠷᠬᠠᠨ ᠴᠠᠭᠠᠵᠠᠲᠤ ᠭᠠᠵᠠᠷ ᠤᠨ《ᠪ᠊》ᠬᠡᠰᠡᠭ ᠲᠤ ᠬᠠᠮᠢᠶᠡᠷᠬᠤ ᠪᠥᠭᠡᠳ ᠮᠣᠩᠭᠣᠯ ᠤᠨ ᠵᠡᠭᠦᠨᠭᠠᠷ ᠤᠨ ᠭᠣᠪᠢ ᠶᠢᠨ ᠨᠢᠭᠡᠨ ᠬᠡᠰᠡᠭ ᠶᠤᠮ ᠃ ᠭᠣᠪᠢ ᠠᠯᠲᠠᠢ ᠠᠢᠮᠠᠭ ᠤᠨ ᠲᠠᠬᠢ ᠶᠢᠨ ᠲᠠᠯ᠎ᠠ ᠳᠤ ᠡᠸᠦ᠋ᠷᠦᠫᠡ ᠡᠴᠡ ᠠᠩᠬᠠᠨ ᠤ ᠲᠠᠪᠤᠨ ᠲᠠᠬᠢ ᠶᠢ ᠠᠪᠴᠢᠷᠠᠭᠰᠠᠨ ᠲᠡᠦᠬᠡ ᠲᠠᠢ ᠃



