ᠨᠡᠢᠰᠯᠡᠯ ᠳᠤ ᠰᠡᠭᠦᠯ ᠦᠨ ᠦᠶ᠎ᠡ ᠳᠤ ᠴᠠᠬᠢᠯᠭᠠᠨ ᠳᠤᠭᠤᠢ ᠶᠢᠨ ᠬᠤᠯᠠᠭᠠᠢ ᠶᠢᠨ ᠬᠡᠷᠡᠭ ᠨᠡᠮᠡᠭ᠍ᠳᠡᠵᠦ ᠪᠠᠢᠭ᠎ᠠ ᠲᠠᠯ᠎ᠠ ᠪᠠᠷ ᠴᠠᠭᠳᠠᠭ᠎ᠠ ᠶᠢᠨ ᠪᠠᠢᠭᠤᠯᠤᠯᠭ᠎ᠠ ᠠᠩᠬᠠᠷᠤᠭᠤᠯᠤᠯ᠎ᠠ᠃ ᠲᠣᠳᠣᠷᠠᠭᠤᠯᠪᠠᠯ᠂ ᠮᠠᠰᠢᠨ ᠲᠡᠷᠭᠡᠨ ᠦ ᠵᠣᠭᠰᠤᠭᠠᠯ ᠠᠴᠠ《 Sur-Ron》ᠮᠠᠷᠺ ᠤᠨ ᠴᠠᠬᠢᠯᠭᠠᠨ ᠳᠤᠭᠤᠶ ᠠᠯᠳᠠᠭᠳᠠᠭᠰᠠᠨ ᠲᠤᠬᠠᠢ ᠳᠠᠭᠤᠳᠠᠯᠭ᠎ᠠ ᠮᠡᠳᠡᠭᠡᠯᠡᠯ ᠪᠦᠷᠢᠳᠬᠡᠭ᠍ᠳᠡᠵᠡᠢ᠃ ᠳᠠᠭᠤᠳᠠᠯᠭ᠎ᠠ ᠶᠢᠨ ᠳᠠᠭᠠᠤ ᠬᠠᠨ ᠠᠭᠤᠯᠠ ᠲᠡᠭᠦᠷᠭᠡ ᠶᠢᠨ ᠴᠠᠭᠳᠠᠭ᠎ᠠ ᠶᠢᠨ ᠭᠠᠵᠠᠷ ᠤᠨ ᠨᠢᠭᠡᠳᠦᠭᠡᠷ ᠬᠡᠯᠲᠡᠰ ᠡᠴᠡ ᠰᠢᠯᠭᠠᠯᠲᠠ ᠶᠢᠨ ᠠᠵᠢᠯᠯᠠᠭ᠎ᠠ ᠶᠠᠪᠤᠭᠤᠯᠬᠤ ᠳᠤ 15-17 ᠨᠠᠰᠤᠨ ᠤ ᠪᠦᠯᠦᠭ ᠡᠲᠡᠭᠡᠳ ᠳᠡᠭᠡᠷᠡᠬᠢ ᠬᠡᠷᠡᠭ ᠢ ᠦᠢᠯᠡᠳᠦᠭ᠍ᠰᠡᠨ ᠪᠣᠯᠬᠤ ᠶᠢ ᠲᠣᠭᠲᠠᠭᠠᠭᠰᠠᠨ ᠪᠡᠢᠨ᠎ᠡ ᠃
ᠤᠷᠢᠳᠴᠢᠯᠠᠭᠰᠠᠨ ᠪᠠᠢᠳᠠᠯ ᠢᠶᠠᠷ ᠲᠡᠳᠡ ᠣᠯᠠᠨ ᠲᠣᠭᠠᠨ ᠤ ᠴᠠᠬᠢᠯᠭᠠᠨ ᠳᠤᠭᠤᠶ ᠬᠤᠯᠠᠭᠠᠢᠯᠠᠵᠤ᠂ ᠡᠳ᠋ ᠠᠩᠭᠢ ᠶ᠋ᠢ ᠨᠢ ᠰᠠᠯᠭᠠᠨ ᠵᠢᠵᠢᠭ᠍ᠯᠡᠨ ᠬᠤᠳᠠᠯᠳᠤᠭᠠᠯᠠᠵᠤ ᠪᠠᠢᠭᠰᠠᠨ ᠨᠢ ᠮᠥᠷᠳᠡᠨ ᠰᠢᠯᠭᠠᠬᠤ ᠠᠵᠢᠯᠯᠠᠭᠠᠨ ᠤ ᠦᠶ᠎ᠡ ᠪᠠᠷ ᠢᠯᠡᠷᠡᠵᠡᠢ᠃ ᠰᠢᠯᠭᠠᠯᠲᠠ ᠶᠢᠨ ᠶᠠᠪᠤᠴᠠ ᠳᠤ ᠲᠠᠪᠤᠨ ᠰᠢᠷᠭᠡᠭ 《 Sur-Ron 》ᠮᠠᠷᠺ ᠤᠨ ᠴᠠᠬᠢᠯᠭᠠᠨ ᠳᠤᠭᠤᠢ ᠬᠤᠷᠢᠶᠠᠨ ᠠᠪᠴᠤ ᠂ ᠡᠳ᠋ ᠮᠥᠷ ᠤᠨ ᠪᠠᠷᠢᠮᠲᠠ ᠪᠡᠷ ᠲᠣᠭᠠᠴᠠᠨ ᠰᠢᠯᠭᠠᠵᠤ ᠪᠠᠢᠭ᠎ᠠ ᠠᠵᠠᠢ᠃ ᠡᠢᠮᠦ ᠳᠤ ᠢᠷᠭᠡᠳ ᠢ ᠮᠠᠰᠢᠨ ᠲᠡᠷᠭᠡᠨ ᠤ ᠵᠣᠭᠰᠤᠭᠠᠯ ᠪᠤᠯᠦᠠ ᠣᠷᠣᠨ ᠰᠠᠭᠤᠴᠠ ᠶᠢᠨ ᠭᠠᠳᠡᠨ᠎ᠡ ᠴᠠᠬᠢᠯᠭᠠᠨ ᠳᠤᠭᠤᠶ ᠂ ᠰᠤᠷᠷᠤᠨ ᠵᠡᠷᠭᠡ ᠲᠡᠭᠡᠭᠡᠪᠦᠷᠢ ᠶᠢᠨ ᠬᠡᠷᠡᠭ᠍ᠰᠡᠯ ᠢᠶᠡᠨ ᠬᠠᠷᠠᠭ᠎ᠠ ᠬᠢᠨᠠᠯᠲᠠ ᠦᠭᠡᠢ ᠣᠷᠬᠢᠬᠤ ᠦᠭᠡᠢ ᠪᠠᠢᠬᠤ ᠂ ᠬᠠᠮᠠᠭᠠᠯᠠᠯᠲᠠ ᠶᠢᠨ ᠨᠡᠮᠡᠯᠲᠡ ᠲᠦᠭ᠍ᠵᠢᠭᠡ ᠠᠰᠢᠭ᠌ᠯᠠᠬᠤ ᠶᠢ ᠴᠠᠭᠳᠠᠭ᠎ᠠ ᠶᠢᠨ ᠪᠠᠢᠭᠤᠯᠤᠯᠭ᠎ᠠ ᠶᠢᠨ ᠬᠢᠨ ᠰᠡᠷᠡᠮᠵᠢᠯᠡᠭᠦᠯᠪᠡ ᠃



