ᠰᠡᠯᠡᠩᠭᠡ ᠠᠢᠮᠠᠭ ᠤᠨ ᠰᠦᠬᠡᠪᠠᠭᠠᠲᠤᠷ ᠰᠤᠮᠤ ᠶᠢᠨ ᠭᠤᠷᠪᠠᠳᠤᠭᠠᠷ ᠰᠤᠷᠭᠠᠭᠤᠯᠢ ᠶᠢᠨ 10а ᠠᠩᠭᠢ ᠶ᠋ᠢᠨ ᠰᠤᠷᠤᠭ᠌ᠴᠢ ᠪ ∙ ᠬᠡᠰᠢᠭ᠍ᠰᠦ᠋ᠷᠦᠩ ᠪᠦᠬᠦᠳᠠ ᠨᠠᠢᠷᠠᠮᠳᠠᠬᠤ ᠦᠽᠪᠧᠺᠰᠲ᠋ᠠᠨ ᠤᠯᠤᠰ ᠲᠤ ᠵᠣᠬᠢᠶᠠᠨ ᠪᠠᠢᠭᠤᠯᠤᠭᠰᠠᠨ 《 Avicenne》ᠣᠯᠠᠨ ᠤᠯᠤᠰ ᠤᠨ ᠪᠢᠣᠯᠣᠭᠢ ᠶᠢᠨ ᠤᠯᠢᠮᠫᠢᠶᠡᠳ᠋ ᠲᠤ ᠠᠮᠵᠢᠯᠲᠠᠲᠠᠶ ᠣᠷᠣᠯᠴᠠᠵᠤ ᠬᠦᠷᠡᠯ ᠮᠧᠳᠠᠯ ᠬᠦᠷᠲᠡᠵᠡᠢ᠃ ᠲᠤᠰ ᠤᠯᠢᠮᠫᠢᠶᠡᠳ᠋ ᠨᠢ ᠪᠢᠣᠯᠣᠭᠢ ᠶᠢᠨ ᠰᠢᠨᠵᠢᠯᠡᠬᠦ ᠤᠬᠠᠭᠠᠨ ᠤ ᠴᠢᠭ᠍ᠯᠡᠯ ᠢᠶᠡᠷ ᠠᠪᠢᠶᠠᠰᠯᠢᠭ ᠰᠤᠷᠤᠭ᠌ᠴᠢᠳ ᠢ ᠨᠢᠭᠡᠳᠬᠡᠨ ᠂ ᠣᠨᠤᠯ ᠤᠨ ᠮᠡᠳᠡᠯᠭᠡ ᠪᠤᠯᠦᠠ ᠯᠠᠪᠣᠷᠠᠲ᠋ᠣᠷᠢ ᠶᠢᠨ ᠤᠷ᠎ᠠ ᠴᠢᠳᠠᠪᠤᠷᠢ ᠶᠢ ᠣᠯᠠᠨ ᠤᠯᠤᠰ ᠤᠨ ᠲᠦᠪᠰᠢᠨ ᠳᠦ ᠰᠣᠷᠢᠳᠠᠭ ᠨᠡᠷ᠎ᠡ ᠬᠦᠨᠳᠦᠲᠡᠢ ᠲᠡᠮᠡᠴᠡᠭᠡᠨ ᠶᠤᠮ ᠃ ᠤᠯᠢᠮᠫᠢᠶᠡᠳ᠋ ᠲᠤ ᠮᠣᠩᠭᠣᠯ ᠂ ᠲᠦᠷᠺ ᠂ ᠠᠽᠸᠷᠪᠠᠢᠵᠠᠨ ᠂ ᠪᠸᠯᠠᠷᠦ᠋ᠰ ᠂ ᠣᠷᠣᠰ ᠂ ᠮᠠᠯᠠᠢᠽ ᠂ ᠲᠠᠢᠯᠠᠨᠳ᠋ ᠂ ᠺᠡᠽᠡᠬᠰᠲ᠋ᠡᠠ ᠂ ᠬᠢᠷᠭᠢᠰ ᠂ ᠲᠠᠵᠢᠺᠢᠰᠲ᠋ᠠᠨ ᠂ ᠲᠦᠷᠺᠮᠧᠨᠢᠰᠲ᠋ᠠᠨ ᠂ ᠦᠽᠪᠧᠺᠰᠲ᠋ᠠᠨ ᠵᠡᠷᠭᠡ ᠳᠡᠯᠡᠬᠡᠢ ᠶᠢᠨ 12 ᠣᠷᠣᠨ ᠤ 94 ᠰᠢᠯᠢᠳᠡᠭ ᠰᠤᠷᠤᠭ᠌ᠴᠢ ᠣᠷᠣᠯᠴᠠᠭᠰᠠᠨ ᠮᠡᠳᠡᠯᠭᠡ ᠂ ᠴᠢᠳᠠᠪᠤᠷᠢ ᠪᠠᠨ ᠰᠣᠷᠢᠭ᠌ᠰᠠᠨ ᠪᠡᠢᠨ᠎ᠡ ᠃
ᠤᠯᠢᠮᠫᠢᠶᠡᠳ᠋ ᠢ ᠣᠨᠤᠯ ᠤᠨ ᠪᠤᠯᠦᠠ ᠯᠠᠪᠣᠷᠠᠲ᠋ᠣᠷᠢ ᠶᠢᠨ ᠭᠡᠰᠡᠨ ᠬᠣᠶᠠᠷ ᠦᠶ᠎ᠡ ᠱᠠᠲᠤ ᠲᠠᠢ ᠵᠣᠬᠢᠶᠠᠨ ᠪᠠᠢᠭᠤᠯᠳᠠᠭ ᠪᠥᠭᠡᠳ ᠣᠷᠣᠯᠴᠠᠭ᠌ᠴᠢᠳ ᠤᠨ ᠪᠢᠣᠯᠣᠭᠢ ᠶᠢᠨ ᠮᠡᠳᠡᠯᠭᠡ ᠡᠴᠡ ᠭᠠᠳᠡᠨ᠎ᠡ ᠲᠤᠷᠰᠢᠯᠲᠠ ᠂ ᠰᠤᠳᠤᠯᠭᠠᠨ ᠤ ᠤᠷ᠎ᠠ ᠴᠢᠳᠠᠪᠤᠷᠢ ᠶᠢ ᠦᠨᠡᠯᠡᠳᠡᠭ ᠢᠶᠠᠷ ᠢᠶᠠᠨ ᠣᠨᠴᠠᠯᠢᠭ ᠲᠠᠢ ᠶᠤᠮ ᠃
ᠪ ∙ ᠬᠡᠰᠢᠭ᠍ᠰᠦ᠋ᠷᠦᠩ ᠄ ᠤᠯᠢᠮᠫᠢᠶᠡᠳ᠋ ᠤᠨ ᠵᠣᠬᠢᠶᠠᠨ ᠪᠠᠢᠢᠭᠤᠯᠤᠯᠲᠠ ᠮᠠᠰᠢ ᠦᠡᠳᠦᠷ ᠲᠦᠪᠰᠢᠨ ᠳᠦ ᠪᠣᠯᠣᠭᠰᠠᠨ ᠃ ᠢᠯᠠᠩᠭᠤᠶ᠎ᠠ ᠣᠨᠤᠯ ᠂ ᠳᠠᠳᠤᠯᠭ᠎ᠠ ᠶᠢ ᠬᠣᠣᠰᠯᠠᠭᠤᠯᠤᠭᠰᠠᠨ ᠢᠶᠠᠷ ᠢᠶᠠᠨ ᠣᠨᠴᠠᠯᠢᠭ ᠰᠠᠨᠠᠭᠳᠠᠭᠰᠠᠨ ᠃ ᠮᠢᠨᠦ ᠬᠤᠪᠢ ᠳᠤ ᠺᠣᠮᠫᠢᠦ᠋ᠲ᠋ᠧᠷ ᠳᠡᠭᠡᠷ᠎ᠡ ᠯᠠᠪᠣᠷᠠᠲ᠋ᠣᠷᠢ ᠶᠢᠨ ᠳᠠᠳᠤᠯᠭ᠎ᠠ ᠶᠡᠭᠡ ᠬᠢᠵᠦ ᠂ ᠪᠢᠣ᠋ ᠮᠠᠲᠸᠮᠠᠲ᠋ᠢᠺ ᠂ ᠪᠢᠣ᠋ ᠬᠢᠮᠢ ᠶᠢᠨ ᠴᠢᠭ᠍ᠯᠡᠯ ᠢᠶᠡᠷ ᠳ᠋ᠦᠩ ᠰᠢᠨᠵᠢᠯᠡᠭᠡ ᠬᠢᠭ᠍ᠰᠡᠨ ᠨᠢ ᠮᠡᠳᠡᠯᠭᠡ ᠂ ᠲᠤᠷᠰᠢᠯᠭ᠎ᠠ ᠪᠠᠨ ᠨᠡᠮᠡᠭ᠍ᠳᠡᠭᠦᠯᠬᠦ ᠳᠤ ᠶᠡᠬᠡ ᠲᠤᠰᠠ ᠪᠣᠯᠣᠭᠰᠠᠨ 》 ᠬᠡᠮᠡᠨ ᠶᠠᠷᠢᠯ᠎ᠠ ᠃



