ᠢᠲ᠋ᠠᠯᠢ ᠤᠯᠤᠰ ᠲᠤ 05 ᠳ᠋ᠤᠭᠠᠷ ᠰᠠᠷ᠎ᠠ ᠶᠢᠨ 12 ᠠᠴᠠ 18 ᠤ ᠡᠳᠦᠷ ᠦᠳ ᠲᠦ ᠵᠣᠬᠢᠶᠠᠨ ᠪᠠᠢᠭᠤᠯᠤᠭᠳᠠᠭᠰᠠᠨ ᠧᠦ᠋ᠷᠣᠫᠠ ᠶᠢᠨ ᠥᠬᠢᠳ ᠤᠨ ᠮᠡᠳᠡᠭᠡᠯᠡᠯ ᠵᠦᠢ ᠶᠢᠨ 6 ᠳ᠋ᠤᠭᠠᠷ ᠣᠯᠢᠮᠫᠢᠶᠠᠳ᠋ ᠲᠤ ᠧᠦ᠋ᠷᠣᠫᠠ ᠲᠢᠪ ᠦᠨ ᠪᠣᠯᠤᠨ ᠪᠤᠰᠤᠳ ᠲᠢᠪ ᠦᠨ 59 ᠣᠷᠣᠨ ᠤ 218 ᠥᠬᠢᠳ ᠣᠷᠣᠯᠴᠠᠵᠤ᠂ ᠫᠷᠦᠭ᠍ᠷᠡᠮᠴᠢᠯᠡᠯ᠂ ᠺᠤᠳ᠋ᠴᠢᠯᠠᠯ ᠤᠨ ᠠᠪᠢᠶᠠᠰ ᠴᠢᠳᠠᠪᠤᠷᠢ ᠪᠠᠷ ᠢᠶᠠᠨ ᠥᠷᠢᠰᠦᠯᠳᠦᠯ᠎ᠡ᠃
ᠮᠠᠨ ᠤ ᠤᠯᠤᠰ ᠤᠨ ᠪᠠᠭ ᠠᠮᠵᠢᠯᠲᠠᠲᠠᠢ ᠣᠷᠣᠯᠴᠠᠵᠤ᠂ 《ᠡᠷᠬᠡᠲᠦ ᠡᠷᠳᠡᠮ》 10 ᠳ᠋ᠤᠭᠠᠷ ᠠᠩᠬᠢ ᠶᠢᠨ ᠰᠤᠷᠤᠭᠴᠢ ᠠ᠊ ∙ ᠰᠣᠳᠣ-ᠤᠶᠠᠩᠭ᠎ᠠ ᠲᠤᠰᠬᠠᠢ ᠱᠠᠩᠨᠠᠯ ᠬᠦᠷᠲᠡᠵᠡᠢ᠃



