ᠶᠡᠷᠦᠩᠬᠡᠢᠢᠯᠡᠭ᠍ᠴᠢ ᠶᠢᠨ ᠰᠠᠨᠠᠭᠠᠴᠢᠯᠠᠭᠰᠠᠨ《ᠲᠡᠷᠪᠤᠮ ᠮᠣᠳᠣ ᠦᠨᠳᠦᠰᠦᠨ ᠦ ᠬᠥᠳᠡᠯᠭᠡᠭᠡᠨ》 ᠦ ᠬᠦᠷᠢᠶᠡᠨ ᠳᠦ《ᠪᠠᠢᠭᠠᠯᠢ ᠳᠤ ᠢᠷᠡᠭᠰᠡᠨ ᠪᠦᠬᠦᠨ ᠪᠤᠴᠠᠭᠠᠳ ᠢᠷᠡᠳᠡᠭ》ᠠᠶᠠᠨ ᠤᠯᠤᠰ ᠤᠨ ᠬᠡᠮᠵᠢᠶᠡᠨ ᠳᠦ ᠡᠬᠢᠯᠡᠵᠦ᠂ ᠴᠠᠭᠳᠠᠭ᠎ᠠ ᠶᠢᠨ ᠪᠠᠢᠭᠤᠯᠤᠯᠭ᠎ᠠ ᠳᠠᠭᠤᠴᠢᠨ ᠰ ∙ ᠵᠢᠪᠬᠤᠯᠠᠩ ᠲᠠᠢ ᠬᠠᠮᠲᠤᠷᠠᠨ ᠢᠷᠭᠡᠳ ᠲᠦ 2026 ᠰᠢᠷᠬᠡᠭ ᠬᠤᠰᠢ᠂ ᠪᠤᠷᠭᠠᠰᠤ ᠵᠡᠷᠭᠡ ᠮᠣᠳᠣᠨ ᠤ ᠰᠠᠭᠤᠯᠭᠠᠴᠠ ᠪᠡᠯᠡᠭ᠍ᠯᠡᠬᠦ ᠦᠢᠯᠡ ᠠᠵᠢᠯᠯᠠᠭ᠎ᠠ ᠶᠢ 05 ᠰᠠᠷ᠎ᠠ ᠶᠢᠨ15 ᠳᠦ《ᠢᠯᠠᠯᠲᠠ ᠶᠢᠨ ᠲᠠᠯᠠᠪᠠᠢ》 ᠳᠦ ᠵᠣᠬᠢᠶᠠᠨ ᠪᠠᠢᠭᠤᠯᠪᠠ᠃
ᠡᠨᠡ ᠬᠦ ᠠᠷᠭ᠎ᠠ ᠬᠡᠮᠵᠢᠶ᠎ᠡ ᠨᠢ ᠢᠷᠭᠡᠳ ᠦᠨ ᠡᠺᠤᠯᠤᠭᠢ ᠶᠢᠨ ᠪᠣᠯᠪᠠᠰᠤᠷᠠᠯ ᠢ ᠨᠡᠮᠡᠭᠳᠡᠭᠦᠯᠬᠦ᠂ ᠮᠣᠳᠣ ᠲᠠᠷᠢᠬᠤ ᠰᠤᠶᠤᠯ ᠢ ᠲᠦᠭᠡᠭᠡᠨ ᠳᠡᠯᠭᠡᠷᠡᠭᠦᠯᠬᠦ ᠵᠣᠷᠢᠯᠭ᠎ᠠ ᠲᠠᠢ᠃ ᠰ ∙ ᠵᠢᠪᠬᠤᠯᠠᠩ ᠠᠶ᠎ᠠ ᠳᠠᠭᠤᠨ ᠤ ᠮᠡᠨᠳᠦᠴᠢᠯᠡᠭᠡ ᠳᠡᠪᠰᠢᠭᠦᠯᠬᠦ ᠶᠢᠨ ᠵᠡᠷᠭᠡᠴᠡᠭᠡ᠂ ᠮᠣᠳᠣ ᠲᠠᠷᠢᠬᠤ ᠶᠢᠨ ᠠᠴᠢ ᠬᠣᠯᠪᠣᠭᠳᠠᠯ᠂ ᠨᠣᠭᠣᠭᠠᠨ ᠪᠠᠢᠭᠤᠯᠤᠮᠵᠢ ᠶᠢ ᠨᠡᠮᠡᠭᠳᠡᠭᠦᠯᠬᠦ ᠳᠦ ᠬᠦᠮᠦᠨ ᠪᠦᠷᠢ ᠶᠢᠨ ᠣᠷᠣᠯᠴᠠᠭ᠎ᠠ ᠴᠢᠬᠤᠯᠠ ᠪᠣᠯᠬᠤ ᠶᠢ ᠣᠨᠴᠠᠯᠠᠪᠠ᠃



