《ᠡᠷᠳᠡᠨᠢᠰ ᠮᠣᠩᠭᠣᠯ》ᠨᠢᠭᠡᠳᠦᠯ ᠦᠨ ᠭᠦᠢᠴᠡᠳᠭᠡᠬᠦ ᠵᠠᠬᠢᠷᠤᠯ ᠪ ∙ᠳᠠᠸᠠᠳᠠᠯᠠᠢ ᠬᠢᠲᠠᠳ ᠤᠨ《Sinosure》ᠺᠣᠷᠫᠣᠷᠠᠼ ᠤᠨ ᠱᠠᠨ ᠰᠢ ᠮᠤᠵᠢ ᠳ᠋ᠡᠬᠢ ᠰᠠᠯᠪᠤᠷᠢ ᠶᠢᠨ ᠳᠡᠳ᠋ ᠶᠡᠷᠦᠩᠬᠡᠢᠯᠡᠭᠴᠢ ᠴᠢᠨ ᠭᠠᠩ ᠲᠡᠷᠢᠭᠦᠲᠡᠢ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠭᠠᠳ ᠪᠠᠭᠠᠨᠠᠭᠤᠷ ᠤᠨ ᠠᠭᠤᠷᠬᠠᠢ ᠶᠢ ᠲᠦᠰᠢᠭᠯᠡᠨ ᠬᠡᠷᠡᠭᠵᠢᠭᠦᠯᠬᠦ ᠨᠡᠭᠦᠷᠡᠰᠦ ᠫᠢᠷᠣᠯᠢᠽ ᠤᠨ ᠦᠢᠯᠡᠳᠪᠦᠷᠢ ᠪᠠᠷᠢᠬᠤ ᠲᠥᠰᠥᠯ ᠦᠨ ᠶᠠᠪᠤᠴᠠ᠂ ᠬᠠᠮᠲᠤ ᠶᠢᠨ ᠠᠵᠢᠯᠯᠠᠭ᠎ᠠ ᠪᠣᠯᠤᠨ ᠰᠠᠩᠬᠦᠦᠵᠢᠯᠲᠡ ᠶᠢᠨ ᠪᠣᠯᠤᠮᠵᠢ ᠶᠢᠨ ᠲᠠᠯ᠎ᠠ ᠪᠠᠷ ᠰᠠᠨᠠᠯ ᠰᠤᠯᠢᠯᠴᠠᠪᠠ᠃ ᠤᠭ ᠲᠥᠰᠥᠯ ᠨᠢ᠄
– ᠬᠦᠷᠡᠩ ᠨᠡᠭᠦᠷᠡᠰᠦ ᠶᠢ ᠭᠦᠨ ᠪᠣᠯᠪᠠᠰᠤᠷᠠᠭᠤᠯᠵᠤ 《ᠬᠥᠬᠡ ᠨᠡᠭᠦᠷᠡᠰᠦ》ᠪᠤᠶᠤ ᠬᠠᠭᠠᠰ ᠺᠣᠺᠰ ᠦᠢᠯᠡᠳᠪᠦᠷᠢᠯᠡᠨ᠎ᠡ᠂
– ᠤᠯᠠᠭᠠᠨᠪᠠᠭᠠᠲᠤᠷ ᠬᠣᠲᠠ ᠶᠢᠨ ᠠᠭᠠᠷ ᠤᠨ ᠪᠤᠬᠢᠷᠳᠤᠯ ᠢ ᠪᠠᠭᠤᠷᠠᠭᠤᠯᠬᠤ ᠳᠤ ᠪᠣᠳᠠᠲᠤ ᠬᠤᠪᠢ ᠨᠡᠮᠡᠷᠢ ᠣᠷᠣᠭᠤᠯᠤᠨ᠎ᠠ᠂
– ᠲᠦᠭᠦᠬᠡᠢ ᠨᠡᠭᠦᠷᠡᠰᠦᠨ ᠦ ᠬᠡᠷᠡᠭᠯᠡᠭᠡ ᠶᠢ ᠤᠷᠤᠯᠠᠬᠤ ᠰᠢᠨ᠎ᠡ ᠰᠢᠢᠳᠦᠯ ᠪᠣᠯᠤᠨ᠎ᠠ᠂
– ᠨᠡᠭᠦᠷᠡᠰᠦ ᠬᠢᠮᠢ ᠶᠢᠨ ᠪᠣᠯᠪᠠᠰᠤᠷᠠᠭᠤᠯᠬᠤ ᠦᠢᠯᠡᠳᠪᠦᠷᠢᠯᠡᠯ ᠦᠨ ᠰᠢᠨ᠎ᠡ ᠰᠠᠭᠤᠷᠢ ᠶᠢ ᠲᠠᠯᠪᠢᠨ᠎ᠠ᠂
– ᠠᠭᠤᠯᠠ ᠠᠭᠤᠷᠬᠠᠢ ᠠᠴᠠ ᠨᠡᠮᠡᠭᠦᠦ ᠥᠷᠲᠡᠭ ᠰᠢᠩᠭᠡᠭᠰᠡᠨ ᠦᠢᠯᠡᠳᠪᠦᠷᠢᠯᠡᠯ ᠤᠷᠤᠭᠤ ᠰᠢᠯᠵᠢᠬᠦ ᠰᠲᠷᠠᠲ᠋ᠧᠭᠢ ᠶᠢᠨ ᠴᠢᠬᠤᠯᠠ ᠠᠯᠬᠤᠮ ᠪᠣᠯᠤᠨ᠎ᠠ᠃
ᠲᠥᠰᠥᠯ ᠦᠨ ᠬᠦᠷᠢᠶᠡᠨ ᠳᠦ ᠣᠯᠠᠨ ᠤᠯᠤᠰ ᠤᠨ ᠯᠠᠪᠤᠷᠠᠲ᠋ᠣᠷᠢ ᠳᠤ ᠲᠤᠷᠰᠢᠯᠲᠠ ᠶᠢᠨ ᠪᠦᠲᠦᠭᠡᠭᠳᠡᠬᠦᠨ ᠳᠦ ᠰᠢᠨᠵᠢᠯᠡᠭᠡ ᠬᠢᠵᠦ ᠪᠠᠢᠨ᠎ᠠ᠃ ᠣᠢᠷ᠎ᠠ ᠶᠢᠨ ᠬᠤᠭᠤᠴᠠᠭᠠᠨ ᠳᠤ EPC ᠭᠦᠢᠴᠡᠳᠬᠡᠭᠴᠢ ᠶᠢᠨ ᠰᠣᠩᠭᠣᠨ ᠰᠢᠯᠭᠠᠷᠠᠭᠤᠯᠤᠯᠲᠠ ᠶᠢ ᠵᠠᠷᠯᠠᠵᠤ᠂ ᠪᠠᠷᠢᠯᠭ᠎ᠠ ᠤᠭᠰᠠᠷᠠᠯᠲᠠ ᠶᠢ ᠡᠬᠢᠯᠡᠭᠦᠯᠬᠦ ᠪᠡᠷ ᠲᠥᠯᠥᠪᠯᠡᠵᠡᠢ᠃《Sinosure》ᠺᠣᠷᠫᠣᠷᠠᠼ ᠲᠥᠰᠥᠯ ᠦᠨ ᠰᠠᠩᠬᠦᠦᠵᠢᠯᠲᠡ ᠶᠢᠨ ᠡᠷᠡᠰᠳᠡᠯ ᠢ ᠪᠠᠭᠤᠷᠠᠭᠤᠯᠬᠤ᠂ ᠡᠺᠰᠫᠣᠷᠲ ᠤᠨ ᠵᠡᠭᠡᠯᠢ ᠶᠢᠨ ᠳᠠᠭᠠᠳᠬᠠᠯ ᠤᠨ ᠴᠢᠭᠯᠡᠯ ᠢᠶᠡᠷ ᠬᠠᠮᠲᠤᠷᠠᠨ ᠠᠵᠢᠯᠯᠠᠬᠤ ᠰᠤᠨᠢᠷᠬᠠᠯ ᠢᠶᠠᠨ ᠢᠯᠡᠷᠬᠡᠢᠢᠯᠡᠪᠡ᠃



