TMK Energy ᠺᠣᠮᠫᠠᠨᠢ ᠶᠢᠨ ᠨᠡᠭᠦᠷᠡᠰᠦᠨ ᠦ ᠳᠠᠪᠬᠤᠷᠭ᠎ᠠ ᠶᠢᠨ ᠮᠧᠲ᠋ᠠᠨ ᠬᠡᠢ ᠶᠢᠨ 《ᠭᠤᠷᠪᠠᠨᠲᠡᠰ XXXV》 ᠲᠥᠰᠥᠯ ᠡᠴᠡ ᠣᠯᠪᠤᠷᠢᠯᠠᠭᠰᠠᠨ ᠬᠡᠢ ᠶᠢ ᠠᠷᠠᠯᠵᠢᠶᠠᠨ ᠤ ᠵᠣᠷᠢᠭᠤᠯᠤᠯᠲᠠ ᠪᠠᠷ ᠠᠰᠢᠭᠯᠠᠬᠤ ᠭᠡᠷ᠎ᠡ ᠶᠢ 《ᠳᠠᠰᠢᠸᠠᠩᠵᠢᠯ 》ᠭᠷᠦ᠋ᠫ ᠲᠠᠢ ᠬᠢᠪᠡ᠃ ᠭᠡᠷ᠎ᠡ ᠳᠦ ᠡᠬᠢᠨ ᠤ ᠱᠠᠲᠤᠨ ᠳᠤ ᠣᠯᠪᠤᠷᠢᠯᠠᠭᠰᠠᠨ ᠬᠡᠢ ᠶᠢ 《ᠳᠠᠰᠢᠸᠠᠩᠵᠢᠯ 》 ᠤᠨ ᠢᠮᠫᠣᠷᠲ ᠤᠨ ᠰᠢᠩᠭᠡᠷᠡᠭᠦᠯᠦᠭᠰᠡᠨ ᠬᠡᠢ ᠶᠢᠨ ᠲᠦᠯᠡᠰᠢ︵LPG) ᠲᠠᠢ ᠬᠣᠣᠰᠯᠠᠭᠤᠯᠤᠨ ᠠᠰᠢᠭᠯᠠᠬᠤ ᠴᠠᠬᠢᠯᠭᠠᠨ ᠰᠲ᠋ᠠᠨᠼ ᠪᠠᠢᠭᠤᠯᠬᠤ ᠪᠠᠷ ᠲᠤᠰᠬᠠᠵᠠᠢ᠃
《ᠳᠠᠰᠢᠸᠠᠩᠵᠢᠯ 》ᠭᠷᠦ᠋ᠫ ᠪᠣᠯᠪᠠᠰᠤᠷᠠᠭᠤᠯᠤᠯᠲᠠ᠂ ᠨᠡᠢᠯᠡᠭᠦᠯᠦᠯᠲᠡ ᠶᠢᠨ ᠱᠠᠲᠤᠨ ᠤ ᠢᠨᠵᠧᠨᠧᠷᠴᠢᠯᠡᠯ ᠦᠨ ᠰᠤᠳᠤᠯᠭᠠᠨ ᠤ ᠠᠵᠢᠯ ᠢ ᠥᠪᠡᠷ ᠦᠨ ᠵᠠᠷᠤᠳᠠᠯ ᠢᠶᠠᠷ ᠭᠦᠢᠴᠡᠳᠭᠡᠬᠦ ᠪᠣᠯ TMK Energy ᠣᠯᠪᠤᠷᠢᠯᠠᠯᠲᠠ᠂ ᠲᠠᠯᠠᠪᠠᠢ ᠶᠢᠨ ᠠᠵᠢᠯ ᠢ ᠬᠠᠷᠢᠭᠤᠴᠠᠬᠤ ᠠᠵᠠᠢ᠃



