ᠮᠣᠩᠭᠣᠯ ᠤᠯᠤᠰ ᠤᠨ ᠶᠡᠷᠦᠩᠬᠡᠢ ᠰᠠᠢᠳ ᠤᠨ 68 ᠳ᠋ᠤᠭᠠᠷ ᠵᠠᠬᠢᠷᠤᠮᠵᠢ ᠪᠠᠷ ᠪᠠᠢᠭᠤᠯᠤᠭᠳᠠᠭᠰᠠᠨ 《ᠤᠭ᠍ᠶᠤᠲᠤᠯᠤᠭᠠᠢ》 ᠲᠥᠰᠥᠯ ᠦᠨ ᠮᠧᠨᠧᠵᠮᠧᠨᠲ ᠦᠨ ᠲᠥᠯᠥᠪᠦᠷᠢ ᠶᠢᠨ ᠬᠤᠪᠢ ᠬᠡᠮᠵᠢᠶ᠎ᠡ ᠶᠢ ᠪᠠᠭᠤᠷᠠᠭᠤᠯᠬᠤ ᠡᠭᠦᠷᠭᠡ ᠪᠦᠬᠦᠢ ᠠᠵᠢᠯ ᠤᠨ ᠬᠡᠰᠡᠭ ᠬᠥᠷᠥᠩᠭᠡ ᠣᠷᠣᠭᠤᠯᠤᠭᠴᠢ ᠲᠠᠯ᠎ᠠ 《 ᠷᠢᠤ᠋ ᠲᠢᠨᠲ᠋ᠤ᠋》 ᠲᠠᠢ ᠬᠡᠯᠡᠯᠴᠡᠭᠡ ᠬᠢᠵᠦ᠂ ᠡᠬᠢᠨ ᠦ ᠦᠷ᠎ᠡ ᠳ᠋ᠦᠩ ᠢᠶᠡᠨ ᠭᠠᠷᠭᠠᠵᠤ ᠴᠢᠳᠠᠯ᠎ᠠ᠃ 《ᠤᠭ᠍ᠶᠤᠲᠤᠯᠤᠭᠠᠢ》 ᠶᠢᠨ ᠮᠧᠨᠧᠵᠮᠧᠨᠲ ᠦᠨ ᠲᠥᠯᠥᠪᠦᠷᠢ ᠶᠢ ᠬᠣᠶᠠᠷ ᠳᠠᠬᠢᠨ ᠪᠠᠭᠤᠷᠠᠭᠤᠯᠤᠯᠠ᠃ ᠲᠥᠯᠥᠪᠦᠷᠢ ᠶᠢᠨ ᠳᠠᠪᠬᠤᠷᠳᠠᠯ ᠢ ᠠᠷᠢᠯᠭᠠᠬᠤ ᠲᠣᠬᠢᠷᠠᠯᠴᠠᠭᠠᠨ ᠳᠤ ᠬᠥᠷᠥᠭ᠍ᠰᠡᠨ ᠭᠡᠵᠦ ᠶᠡᠷᠦᠩᠬᠡᠢ ᠰᠠᠢᠳ ᠨ ∙ ᠤᠴᠠᠷᠠᠯ ᠮᠡᠳᠡᠭ᠍ᠳᠡᠯ᠎ᠡ᠃
ᠡᠨᠡ ᠪᠣᠯ 2.2 ᠲᠡᠷᠪᠤᠮ ᠳ᠋ᠣᠯᠯᠠᠷ ᠤᠨ ᠲᠥᠯᠥᠪᠦᠷᠢ ᠶᠢᠨ ᠵᠠᠷᠤᠳᠠᠯ ᠪᠠᠭᠤᠷᠠᠬᠤ ᠰᠠᠢᠨ ᠮᠡᠳᠡᠭᠡ᠃ ᠮᠥᠨ ᠮᠣᠩᠭᠣᠯ ᠤᠯᠤᠰ ᠤᠨ ᠬᠦᠷᠲᠡᠬᠦ ᠦᠭ᠍ᠭᠦᠭᠡᠵᠢ 1.5 ᠲᠡᠷᠪᠤᠮ ᠳ᠋ᠣᠯᠯᠠᠷ ᠢᠶᠠᠷ ᠥᠰᠦᠨ ᠨᠡᠮᠡᠭᠳᠡᠬᠦ ᠰᠠᠢᠨ ᠮᠡᠳᠡᠭᠡ ᠶᠤᠮ᠃ ᠡᠨᠡ ᠪᠣᠯ ᠬᠥᠷᠥᠩᠭᠡ ᠣᠷᠣᠭᠤᠯᠤᠭᠴᠢᠳ ᠤᠨ ᠬᠤᠪᠢ ᠳᠤ ᠴᠤ ᠭᠡᠰᠡᠨ ᠰᠠᠢᠨ ᠮᠡᠳᠡᠭᠡ᠃ ᠮᠣᠩᠭᠣᠯᠴᠤᠳ ᠡᠷᠬᠡ ᠠᠰᠢᠭ ᠢᠶᠠᠨ ᠬᠠᠮᠠᠭᠠᠯᠠᠵᠤ ᠴᠢᠳᠠᠳᠠᠭ᠂ ᠬᠥᠷᠥᠩᠭᠡ ᠣᠷᠣᠭᠤᠯᠤᠭᠴᠢᠳ ᠲᠠᠢ ᠨᠢᠭᠡ ᠲᠦᠪᠰᠢᠨ ᠳᠦ ᠶᠠᠷᠢᠶ᠎ᠠ ᠬᠡᠯᠡᠯᠴᠡᠭᠡᠷ ᠬᠢᠵᠦ ᠴᠢᠳᠠᠳᠠᠭ ᠤᠨ ᠦᠷ᠎ᠡ ᠳ᠋ᠦᠩ ᠭᠡᠵᠦ ᠲᠡᠷᠡ ᠪᠠᠰᠠ ᠬᠡᠯᠡᠪᠡ᠃



