ᠠᠳᠤᠭᠤᠨ ᠤ ᠰᠢᠷᠢ᠂ ᠭᠡᠳᠡᠰᠦ ᠳᠣᠲᠣᠷ ᠵᠡᠷᠭᠡ ᠶᠢ ᠬᠢᠯᠢ ᠨᠡᠪᠲᠡᠷᠡᠭᠦᠯᠬᠦ ᠶᠢ ᠵᠠᠪᠳᠤᠵᠠᠢ | News.MN

ᠠᠳᠤᠭᠤᠨ ᠤ ᠰᠢᠷᠢ᠂ ᠭᠡᠳᠡᠰᠦ ᠳᠣᠲᠣᠷ ᠵᠡᠷᠭᠡ ᠶᠢ ᠬᠢᠯᠢ ᠨᠡᠪᠲᠡᠷᠡᠭᠦᠯᠬᠦ ᠶᠢ ᠵᠠᠪᠳᠤᠵᠠᠢ

ᠭᠠᠭᠴᠠᠮᠤᠳᠤ ᠪᠣᠭᠣᠮᠲᠠ ᠪᠠᠷ ᠮᠣᠩᠭᠣᠯ  ᠠᠴᠠ ᠬᠢᠲᠠᠳ ᠤᠷᠤᠭᠤ ᠬᠠᠤᠯᠢ ᠪᠤᠰᠤ ᠪᠠᠷ ᠠᠳᠤᠭᠤᠨ ᠤ ᠰᠢᠷᠢ᠂ ᠭᠡᠳᠡᠰᠦ ᠳᠣᠲᠣᠷ᠂  ᠠᠭᠠᠲᠠ ᠴᠢᠯᠠᠭᠤ ᠵᠡᠷᠭᠡ ᠶᠢ ᠶᠡᠬᠡ ᠬᠡᠮᠵᠢᠶ᠎ᠡ ᠪᠡᠷ ᠬᠢᠯᠢ ᠨᠡᠪᠲᠡᠷᠡᠭᠦᠯᠬᠦ ᠭᠡᠵᠦ ᠪᠠᠢᠭᠠᠳ ᠪᠠᠷᠢᠭᠳᠠᠵᠠᠢ᠃ ᠣᠢᠷᠠᠯᠴᠠᠭ᠎ᠠ ᠪᠠᠷ 9.8 ᠲᠣᠨ ᠤ ᠬᠡᠮᠵᠢᠶ᠎ᠡ ᠲᠡᠢ ᠬᠠᠤᠯᠢ ᠪᠤᠰᠤ ᠡᠳ᠋ ᠵᠦᠢᠯᠡᠰ ᠢ ᠬᠤᠷᠢᠶᠠᠨ ᠠᠪᠤᠭᠰᠠᠨ ᠨᠢ ᠰᠡᠭᠦᠯ ᠦᠨ ᠵᠢᠯ ᠦᠳ ᠲᠦ ᠪᠦᠷᠢᠳᠬᠡᠭᠳᠡᠭᠡ ᠦᠭᠡᠢ ᠲᠣᠮᠣᠬᠠᠨ ᠵᠥᠷᠢᠴᠡᠯ ᠦᠨ ᠲᠣᠭᠠᠨ ᠳᠤ ᠪᠠᠭᠲᠠᠵᠤ ᠪᠠᠢᠭ᠎ᠠ ᠶᠢ ᠬᠢᠲᠠᠳ ᠤᠨ ᠭᠠᠢᠯᠢ ᠶᠢᠨ ᠬᠢᠨᠠᠯᠲᠠ ᠶᠢᠨ ᠠᠯᠪᠠᠨ ᠠᠴᠠ ᠮᠡᠳᠡᠭᠳᠡᠪᠡ᠃

ᠮᠥᠨ ᠡᠷᠢᠶᠡᠨ ᠦ ᠬᠢᠯᠢ ᠶᠢᠨ ᠬᠡᠰᠡᠭ ᠲᠡᠬᠢ ᠴᠠᠭᠠᠴᠢᠳ ᠢ ᠵᠣᠬᠢᠴᠠᠭᠤᠯᠬᠤ ᠠᠯᠪᠠᠨ ᠤ ᠴᠠᠭᠳᠠᠭ᠎ᠠ ᠨᠠᠷ ᠡᠨᠡ ᠰᠠᠷ᠎ᠠ ᠶᠢᠨ ᠳᠥᠷᠪᠡᠨ ᠳᠦ ᠨᠢᠭᠡᠨ ᠠᠴᠢᠶᠠᠨ ᠤ ᠮᠠᠰᠢᠨ ᠠᠴᠠ ᠠᠳᠤᠭᠤᠨ ᠤ ᠶᠡᠬᠡ ᠬᠡᠮᠵᠢᠶᠡᠨ ᠦ ᠬᠠᠲᠠᠭᠠᠭᠰᠠᠨ ᠥᠯᠥᠨ ᠭᠡᠳᠡᠰᠦ ᠢᠯᠡᠷᠡᠭᠦᠯᠵᠦ ᠬᠤᠷᠢᠶᠠᠵᠠᠢ᠃

ᠰᠡᠳᠬᠢᠭᠳᠡᠯ ᠦᠯᠡᠳᠡᠭᠡᠬᠦ