ᠭᠤᠴᠢ ᠶᠢᠰᠦᠳᠦᠭᠡᠷ 《ᠨᠣᠮ ᠤᠨ ᠪᠠᠶᠠᠷ》 ᠬᠡᠦᠬᠡᠳ ᠵᠠᠯᠠᠭᠤᠰ ᠲᠤ ᠴᠢᠭᠯᠡᠭᠰᠡᠨ ᠠᠭᠤᠯᠭ᠎ᠠ ᠳᠤ ᠣᠨᠴᠠᠭᠠᠢ ᠠᠩᠬᠠᠷᠴᠠᠢ | News.MN

ᠭᠤᠴᠢ ᠶᠢᠰᠦᠳᠦᠭᠡᠷ 《ᠨᠣᠮ ᠤᠨ ᠪᠠᠶᠠᠷ》 ᠬᠡᠦᠬᠡᠳ ᠵᠠᠯᠠᠭᠤᠰ ᠲᠤ ᠴᠢᠭᠯᠡᠭᠰᠡᠨ ᠠᠭᠤᠯᠭ᠎ᠠ ᠳᠤ ᠣᠨᠴᠠᠭᠠᠢ ᠠᠩᠬᠠᠷᠴᠠᠢ

ᠤᠩᠰᠢᠭᠴᠢᠳ᠂ ᠵᠣᠬᠢᠶᠠᠯᠴᠢᠳ᠂ ᠬᠡᠪᠯᠡᠨ ᠨᠡᠢᠳᠡᠯᠡᠭᠴᠢᠳ᠂ ᠪᠣᠯᠪᠠᠰᠤᠷᠠᠯ ᠤᠨ ᠪᠠᠢᠭᠤᠯᠤᠯᠭ᠎ᠠ ᠨᠤᠭᠤᠳ ᠪᠣᠯᠤᠨ ᠨᠣᠮ ᠳᠤ ᠬᠠᠢᠷᠠᠲᠠᠢ ᠬᠦᠮᠦᠨ ᠪᠦᠬᠦᠨ ᠢ ᠨᠢᠭᠡᠳᠬᠡᠳᠡᠭ ᠭᠤᠴᠢ ᠶᠢᠰᠦᠳᠦᠭᠡᠷ ᠨᠣᠮ ᠤᠨ ᠪᠠᠶᠠᠷ ᠶᠡᠷᠦᠩᠬᠡᠢᠢᠯᠡᠭ᠍ᠴᠢ ᠤ᠊ ∙ ᠬᠦᠷᠡᠯᠰᠦ᠋ᠬᠡ  ᠶᠢᠨ ᠢᠪᠡᠭᠡᠯ ᠳᠣᠣᠷ᠎ᠠ ᠥᠨᠥᠳᠥᠷ ᠭᠤᠷᠪᠠᠳᠠᠬᠢ ᠡᠳᠦᠷ ᠢᠶᠡᠨ ᠰᠦᠬᠡᠪᠠᠭᠠᠲᠤᠷ ᠤᠨ ᠲᠠᠯᠠᠪᠠᠢ ᠳᠤ ᠦᠷᠭᠦᠯᠵᠢᠯᠡᠵᠦ ᠪᠠᠢᠨ᠎ᠠ᠃

ᠡᠨᠡ ᠤᠳᠠᠭ᠎ᠠ ᠶᠢᠨ ᠨᠣᠮ ᠤᠨ ᠪᠠᠶᠠᠷ ᠤᠨ ᠬᠤᠪᠢ ᠳᠤ ᠬᠡᠦᠬᠡᠳ ᠵᠠᠯᠠᠭᠤᠰ ᠲᠤ ᠴᠢᠭᠯᠡᠭᠰᠡᠨ ᠠᠭᠤᠯᠭ᠎ᠠ ᠳᠤ ᠣᠨᠴᠠᠭᠠᠢ ᠠᠩᠬᠠᠷᠤᠯ  ᠬᠠᠨᠳᠤᠭᠤᠯᠵᠠᠢ᠃《ᠨᠣᠮ ᠤᠨ ᠰᠣᠶᠣᠯᠲᠤ ᠶᠢᠷᠲᠢᠨᠴᠦ》ᠲᠥᠷᠥ ᠶᠢᠨ ᠪᠤᠰᠤ ᠪᠠᠢᠭᠤᠯᠤᠯᠭ᠎ᠠ ᠶᠢᠨ ᠳᠡᠷᠭᠡᠳᠡᠬᠢ《ᠯᠢᠪᠷᠣ ᠰᠤᠪᠤᠳ》 ᠤᠳᠬ᠎ᠠ ᠵᠣᠬᠢᠶᠠᠯ ᠤᠨ ᠠᠭᠧᠨᠲᠯᠢᠭ ᠠᠴᠠ ᠨᠣᠮ ᠤᠨ ᠰᠤᠶᠤᠯ ᠢ ᠲᠦᠭᠡᠭᠡᠬᠦ ᠠᠭᠤᠯᠭ᠎ᠠ ᠪᠦᠬᠦᠢ ᠳᠣᠯᠣᠭᠠᠨ ᠨᠣᠮ ᠠᠴᠠ ᠪᠦᠷᠢᠳᠦᠭᠰᠡᠨ ᠪᠠᠭᠴᠠ ᠡᠷᠬᠡ ᠶᠢ ᠠᠪᠴᠤ ᠮᠣᠩᠭᠣᠯ ᠤᠩᠰᠢᠭᠴᠢ ᠬᠡᠦᠬᠡᠳ ᠦᠳ ᠲᠡᠭᠡᠨ ᠤᠩᠰᠢᠭᠤᠯᠬᠤ ᠪᠠᠷ ᠡᠷᠬᠢᠯᠡᠨ  ᠭᠠᠷᠭᠠᠵᠠᠢ᠃

《ᠨᠣᠮ ᠤᠨ ᠪᠠᠶᠠᠷ》 ᠨᠢ ᠵᠥᠪᠬᠡᠨ ᠨᠣᠮ ᠬᠤᠳᠠᠯᠳᠤᠭᠠᠯᠠᠬᠤ ᠪᠤᠰᠤ᠂ ᠤᠩᠰᠢᠯᠭ᠎ᠠ ᠶᠢᠨ ᠰᠤᠶᠤᠯ ᠢ ᠲᠦᠭᠡᠭᠡᠨ ᠳᠡᠯᠭᠡᠷᠡᠭᠦᠯᠬᠦ᠂ ᠬᠡᠦᠬᠡᠳ ᠵᠠᠯᠠᠭᠤᠰ ᠢ ᠮᠡᠳᠡᠯᠭᠡ ᠪᠣᠯᠪᠠᠰᠤᠷᠠᠯ᠂ ᠵᠥᠪ ᠬᠠᠨᠳᠤᠯᠭ᠎ᠠ᠂ ᠪᠠᠢᠭᠠᠯᠢ ᠳᠤ ᠡᠭᠡᠯᠢ ᠲᠡᠢ ᠦᠨᠡᠲᠦ ᠵᠦᠢᠯ ᠳᠦ ᠤᠷᠢᠶᠠᠯᠠᠭᠰᠠᠨ ᠰᠣᠶᠣᠨ ᠭᠡᠭᠡᠷᠡᠯ ᠦᠨ ᠲᠣᠮᠣᠬᠠᠨ ᠦᠢᠯᠡ ᠠᠵᠢᠯᠯᠠᠭ᠎ᠠ ᠪᠣᠯᠵᠤ ᠥᠷᠭᠡᠵᠢᠵᠦ ᠪᠠᠢᠨ᠎ᠠ᠃

ᠰᠡᠳᠬᠢᠭᠳᠡᠯ ᠦᠯᠡᠳᠡᠭᠡᠬᠦ