ᠪᠥᠬᠡ ᠶᠢᠨ ᠬᠣᠯᠪᠣᠭᠠᠨ ᠤ 《ᠶᠡᠬᠡ ᠡᠶ᠎ᠡ》ᠬᠤᠷᠠᠯ 15 ᠳᠦ ᠪᠣᠯᠤᠨ᠎ᠠ | News.MN

ᠪᠥᠬᠡ ᠶᠢᠨ ᠬᠣᠯᠪᠣᠭᠠᠨ ᠤ 《ᠶᠡᠬᠡ ᠡᠶ᠎ᠡ》ᠬᠤᠷᠠᠯ 15 ᠳᠦ ᠪᠣᠯᠤᠨ᠎ᠠ

ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭᠠᠨ ᠤ ᠡᠭᠡᠯᠵᠢᠲᠦ ᠠᠷᠪᠠᠳᠤᠭᠠᠷ《ᠶᠡᠬᠡ ᠡᠶ᠎ᠡ》 ᠬᠤᠷᠠᠯ 5 ᠳᠦᠭᠡᠷ ᠰᠠᠷ᠎ᠠ ᠶᠢᠨ 15 ᠤ 09.00 ᠴᠠᠭ ᠲᠤ ᠮᠣᠩᠭᠣᠯ ᠪᠥᠬᠡ ᠶᠢᠨ ᠥᠷᠭᠦᠭᠡᠨ ᠳᠦ ᠡᠬᠢᠯᠡᠨ᠎ᠡ᠃ ᠬᠤᠷᠠᠯ 255 ᠬᠦᠷᠲᠡᠯᠡᠬᠢ ᠲᠣᠭᠠᠨ ᠤ ᠲᠥᠯᠥᠭᠡᠯᠡᠭᠴᠢ ᠤᠷᠤᠯᠴᠠᠬᠤ ᠪᠠ ᠤᠯᠤᠰ ᠤᠨ ᠵᠠᠭᠠᠨ ᠴᠣᠯᠠᠲᠠᠨ ᠠᠴᠠ ᠳᠡᠭᠡᠭᠰᠢ ᠴᠣᠯᠠ ᠲᠠᠢ ᠪᠦᠬᠦ ᠪᠥᠬᠡᠴᠦᠳ᠂ 21 ᠠᠢᠮᠠᠭ ᠤᠨ ᠰᠠᠯᠪᠤᠷᠢ ᠬᠣᠯᠪᠣᠭᠠᠳ᠂ ᠮᠥᠨ ᠵᠠᠶ᠋ᠢᠭ ᠳᠢᠭ ᠦᠨ ᠪᠠᠭ ᠤᠨ ᠲᠥᠯᠥᠭᠡᠯᠡᠯ ᠡᠴᠡ ᠰᠣᠩᠭᠣᠭᠳᠠᠭᠰᠠᠨ ᠭᠡᠰᠢᠭᠦᠳ ᠤᠷᠤᠯᠴᠠᠬᠤ ᠶᠤᠮ᠃

ᠲᠥᠯᠥᠭᠡᠯᠡᠭᠴᠢ ᠶᠢᠨ ᠪᠦᠷᠢᠯᠳᠦᠬᠦᠨ ᠳᠦ ᠦᠨᠳᠦᠰᠦᠨ ᠦ ᠪᠥᠬᠡ ᠶᠢᠨ ᠰᠤᠳᠤᠯᠤᠭᠠᠴᠢᠳ ᠢ ᠣᠷᠣᠭᠤᠯᠳᠠᠭ ᠤᠯᠠᠮᠵᠢᠯᠠᠯ ᠲᠠᠢ ᠪᠥᠭᠡᠳ ᠠᠷᠪᠠᠳᠤᠭᠠᠷ ᠬᠤᠷᠠᠯ ᠳᠤ ᠭᠤᠷᠪᠠ ᠬᠦᠷᠲᠡᠯᠡᠬᠢ ᠲᠣᠭᠠᠨ ᠤ ᠦᠨᠳᠦᠰᠦᠨ ᠦ ᠪᠥᠬᠡ ᠰᠤᠳᠤᠯᠤᠭᠠᠴᠢ᠂ ᠡᠷᠳᠡᠮᠲᠡᠳ ᠦᠨ ᠲᠥᠯᠥᠭᠡᠯᠡᠯ ᠣᠷᠣᠯᠴᠠᠨ᠎ᠠ᠃ ᠡᠢᠮᠦ ᠳᠦ ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭᠠᠨ ᠤ ᠬᠢᠨ 《ᠶᠡᠬᠡ ᠡᠶ᠎ᠡ》ᠬᠤᠷᠠᠯ ᠳᠤ ᠤᠷᠤᠯᠴᠠᠬᠤ ᠰᠣᠨᠢᠷᠬᠠᠯ ᠲᠠᠢ ᠪᠥᠬᠡ ᠶᠢᠨ ᠰᠤᠳᠤᠯᠤᠭᠠᠴᠢ᠂ ᠡᠷᠳᠡᠮᠲᠡᠳ ᠢ ᠰᠡᠭᠦᠯ ᠦᠨ 10 ᠵᠢᠯ ᠦᠨ ᠬᠤᠭᠤᠴᠠᠭᠠᠨ ᠳᠤ ᠲᠤᠭᠤᠷᠪᠢᠭᠰᠠᠨ ᠦᠨᠳᠦᠰᠦᠨ ᠦ ᠪᠥᠬᠡ ᠶᠢᠨ ᠬᠣᠯᠪᠣᠭᠳᠠᠯ ᠲᠠᠢ ᠪᠦᠲᠦᠭᠡᠯ ᠦᠨ ᠵᠢᠭᠰᠠᠭᠠᠯᠲᠠ᠂ ᠥᠪᠡᠷ ᠦᠨ ᠲᠣᠪᠴᠢ ᠲᠠᠨᠢᠯᠴᠠᠭᠤᠯᠭ᠎ᠠ ᠶᠢ ᠴᠠᠬᠢᠮ ᠬᠠᠶ᠋ᠢᠭ ᠢᠶᠠᠷ ᠢᠯᠡᠭᠡᠬᠦ ᠶᠢ ᠬᠦᠰᠡᠭᠰᠡᠨ ᠵᠠᠷ ᠲᠦᠭᠡᠭᠡᠵᠡᠢ᠃

ᠰᠡᠳᠬᠢᠭᠳᠡᠯ ᠦᠯᠡᠳᠡᠭᠡᠬᠦ