ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠬᠡᠷᠡᠭᠵᠢᠭᠦᠯᠵᠦ ᠪᠤᠢ ᠨᠣᠭᠣᠭᠠᠨ ᠬᠥᠭᠵᠢᠯ᠂ ᠡᠷᠴᠢᠮ ᠬᠦᠴᠦᠨ ᠦ ᠰᠢᠯᠵᠢᠯᠲᠡ᠂ ᠰᠡᠷᠭᠦᠭᠡᠭ᠍ᠳᠡᠬᠦ ᠡᠷᠴᠢᠮ ᠬᠦᠴᠦᠨ ᠦ ᠬᠡᠷᠡᠭᠯᠡᠭᠡ ᠶᠢ ᠨᠡᠮᠡᠭᠳᠡᠭᠦᠯᠬᠦ ᠪᠣᠳᠣᠯᠭ᠎ᠠ ᠶᠢᠨ ᠬᠦᠷᠢᠶᠡᠨ ᠳᠦ ᠭᠠᠳᠠᠭᠠᠳᠤ ᠶᠢᠨ ᠢᠷᠭᠡᠨ᠂ ᠬᠠᠷᠢᠶᠠᠲᠤ ᠶᠢᠨ ᠭᠠᠵᠠᠷ ᠴᠠᠬᠢᠯᠭᠠᠨ᠂ ᠡᠷᠴᠢᠮ ᠬᠦᠴᠦᠨ ᠦ ᠬᠡᠷᠡᠭᠯᠡᠭᠡᠨ ᠳᠦ ᠵᠣᠷᠢᠭᠤᠯᠤᠭᠰᠠᠨ ᠨᠠᠷᠠᠨ ᠤ ᠴᠠᠬᠢᠯᠭᠠᠨ ᠡᠭᠦᠰᠬᠡᠭᠦᠷ ᠢ ᠰᠠᠭᠤᠷᠢᠯᠠᠭᠤᠯᠵᠤ᠂ ᠳᠣᠲᠣᠭᠠᠳᠤ ᠳᠤ ᠪᠠᠨ ᠡᠷᠴᠢᠮ ᠬᠦᠴᠦ ᠦᠢᠯᠡᠳᠪᠦᠷᠢᠯᠡᠵᠦ ᠡᠬᠢᠯᠡᠯ᠎ᠡ᠃
ᠲᠤᠰ ᠨᠠᠷᠠᠨ ᠤ ᠴᠠᠬᠢᠯᠭᠠᠨ ᠡᠭᠦᠰᠬᠡᠭᠦᠷ ᠢᠶᠠᠷ ᠪᠠᠢᠭᠤᠯᠤᠯᠭ᠎ᠠ ᠶᠢᠨ ᠴᠠᠬᠢᠯᠭᠠᠨ ᠡᠷᠴᠢᠮ ᠬᠦᠴᠦᠨ ᠦ ᠬᠡᠷᠡᠭᠯᠡᠭᠡᠨ ᠦ 40 ᠣᠷᠴᠢᠮ ᠬᠤᠪᠢ ᠶᠢ ᠬᠠᠩᠭᠠᠬᠤ ᠪᠣᠯᠤᠮᠵᠢ ᠡᠢᠨ ᠪᠥᠷᠢᠳᠴᠦ ᠪᠠᠢᠨ᠎ᠠ᠃ ᠤᠷᠢᠳᠴᠢᠯᠠᠭᠰᠠᠨ ᠲᠣᠭᠠᠴᠠᠭ᠎ᠠ ᠪᠠᠷ ᠡᠨᠡ ᠨᠢ ᠵᠢᠯ ᠳᠦ 20 ᠭᠠᠷᠤᠢ ᠰᠠᠶ᠎ᠠ ᠲᠥᠭᠥᠷᠢᠭ ᠦᠨ ᠪᠣᠳᠠᠲᠤ ᠬᠡᠮᠨᠡᠯᠲᠡ ᠪᠤᠢ ᠪᠣᠯᠭᠠᠨ᠎ᠠ᠃



