ᠰᠢᠳ᠋ᠨᠢ᠂ ᠹᠷᠠᠨᠺᠹᠦ᠋ᠷᠲ ᠲᠤ ᠶᠡᠷᠦᠩᠬᠡᠢ ᠺᠤᠨᠰᠦ᠋ᠯ ᠤᠨ ᠭᠠᠵᠠᠷ ᠨᠡᠭᠡᠭᠡᠨ᠎ᠡ | News.MN

ᠰᠢᠳ᠋ᠨᠢ᠂ ᠹᠷᠠᠨᠺᠹᠦ᠋ᠷᠲ ᠲᠤ ᠶᠡᠷᠦᠩᠬᠡᠢ ᠺᠤᠨᠰᠦ᠋ᠯ ᠤᠨ ᠭᠠᠵᠠᠷ ᠨᠡᠭᠡᠭᠡᠨ᠎ᠡ

ᠠᠶᠤᠯᠭᠦᠢ ᠪᠠᠢᠳᠠᠯ᠂ ᠭᠠᠳᠠᠭᠠᠳᠤ ᠪᠣᠳᠣᠯᠭ᠎ᠠ ᠶᠢᠨ ᠪᠠᠢᠩᠭᠤ ᠶᠢᠨ ᠬᠣᠷᠢᠶᠠᠨ ᠤ ᠬᠤᠷᠠᠯᠳᠤᠭᠠᠨ︵2026.05.12︶ ᠢᠶᠡᠷ ᠠᠦ᠋ᠰᠲᠷᠠᠯᠢᠶ᠎ᠠ ᠶᠢᠨ ᠬᠣᠯᠪᠣᠭᠠᠨ ᠤ ᠤᠯᠤᠰ ᠤᠨ ᠰᠢᠳ᠋ᠨᠢ ᠬᠣᠲᠠ᠂ ᠬᠣᠯᠪᠣᠭᠠᠨ ᠤ ᠪᠦᠭᠦᠳᠡ ᠨᠠᠢᠷᠠᠮᠳᠠᠬᠤ ᠭᠧᠷᠮᠠᠨ ᠤᠯᠤᠰ ᠤᠨ ᠹᠷᠠᠨᠺᠹᠦ᠋ᠷᠲ ᠬᠣᠲᠠ ᠳᠤ ᠮᠣᠩᠭᠣᠯ ᠤᠯᠤᠰ ᠤᠨ ᠶᠡᠷᠦᠩᠬᠡᠢ ᠺᠤᠨᠰᠦ᠋ᠯ ᠤᠨ ᠭᠠᠵᠠᠷ ᠨᠡᠭᠡᠭᠡᠨ ᠠᠵᠢᠯᠯᠠᠭᠤᠯᠬᠤ ᠶᠢ ᠳᠡᠮᠵᠢᠯ᠎ᠡ᠃

ᠹᠷᠠᠨᠺᠹᠦ᠋ᠷᠲ ᠬᠣᠲᠠ ᠳᠤ ᠺᠤᠨᠰᠦ᠋ᠯ ᠨᠡᠭᠡᠭᠡᠬᠦ ᠳᠦ 606 ᠮᠢᠩᠭᠠᠨ ᠳ᠋ᠣᠯᠯᠠᠷ ᠤᠨ᠂ ᠰᠢᠳ᠋ᠨᠢ ᠬᠣᠲᠠ ᠳᠤ ᠨᠡᠭᠡᠭᠡᠬᠦ ᠳᠦ 597 ᠮᠢᠩᠭᠠᠨ ᠳ᠋ᠣᠯᠯᠠᠷ ᠤᠨ ᠰᠠᠩᠬᠦᠦᠵᠢᠯᠲᠡ ᠬᠡᠷᠡᠭᠲᠡᠢ ᠭᠡᠵᠦ ᠲᠣᠭᠠᠴᠠᠵᠠᠢ᠃ ᠶᠡᠷᠦᠩᠬᠡᠢ ᠺᠤᠨᠰᠦ᠋ᠯ ᠤᠨ ᠭᠠᠵᠠᠷ ᠢ ᠲᠤᠰ ᠪᠦᠷᠢ 4 ᠣᠷᠣᠨ ᠲᠣᠭ᠎ᠠ ᠲᠠᠢ ᠪᠠᠷ ᠪᠠᠢᠭᠤᠯᠬᠤ ᠪᠠᠷ ᠬᠣᠯᠪᠣᠭᠳᠠᠬᠤ ᠵᠠᠷᠤᠳᠠᠯ ᠢ ᠲᠥᠰᠥᠪ ᠲᠦ ᠲᠤᠰᠬᠠᠭᠰᠠᠨ ᠪᠠᠢᠨ᠎ᠠ᠃

ᠬᠣᠯᠪᠣᠭᠠᠨ ᠤ ᠪᠦᠭᠦᠳᠡ ᠨᠠᠢᠷᠠᠮᠳᠠᠬᠤ ᠭᠧᠷᠮᠠᠨ ᠤᠯᠤᠰ 8962 ᠢᠷᠭᠡᠨ ᠣᠷᠣᠰᠢᠨ ᠰᠠᠭᠤᠵᠤ ᠪᠠᠢᠭ᠎ᠠ ᠶᠢᠨ 5247 ᠨᠢ ᠹᠷᠠᠨᠺᠹᠦ᠋ᠷᠲ ᠬᠣᠲᠠ ᠣᠷᠴᠢᠮ ᠳᠤ ᠠᠮᠢᠳᠤᠷᠠᠵᠤ ᠪᠠᠢᠨ᠎ᠠ᠃ ᠬᠠᠷᠢᠨ ᠠᠦ᠋ᠰᠲᠷᠠᠯᠢᠶ᠎ᠠ  ᠶᠢᠨ ᠬᠣᠯᠪᠣᠭᠠᠨ ᠤ ᠤᠯᠤᠰ ᠤᠨ ᠰᠢᠳᠡᠨᠢ ᠬᠣᠲᠠ ᠣᠷᠴᠢᠮ ᠳᠤ 14784 ᠮᠣᠩᠭᠣᠯ ᠢᠷᠭᠡᠨ ᠣᠷᠣᠰᠢᠨ ᠰᠠᠭᠤᠵᠤ ᠪᠠᠢᠨ᠎ᠠ᠃

ᠰᠡᠳᠬᠢᠭᠳᠡᠯ ᠦᠯᠡᠳᠡᠭᠡᠬᠦ