ᠬᠠᠤᠯᠢ ᠵᠦᠢ ᠶᠢᠨ ᠪᠠᠢᠩᠭᠤ ᠶᠢᠨ ᠬᠣᠷᠢᠶᠠᠨ ᠤ ᠬᠤᠷᠠᠯᠳᠤᠭᠠᠨ ᠢᠶᠠᠷ《ᠡᠷᠡᠭᠦᠦ ᠶᠢᠨ ᠬᠠᠤᠯᠢ》 ᠳᠤ ᠥᠭᠡᠷᠡᠴᠢᠯᠡᠯᠲᠡ ᠤᠷᠤᠭᠤᠯᠬᠤ ᠲᠤᠬᠠᠢ ᠬᠠᠤᠯᠢ ᠶᠢᠨ ᠲᠥᠰᠥᠯ ᠢ ᠬᠡᠯᠡᠯᠴᠡᠯ᠎ᠡ᠃ ᠬᠡᠯᠡᠯᠴᠡᠵᠦ ᠪᠤᠢ ᠠᠰᠠᠭᠤᠳᠠᠯ ᠲᠠᠢ ᠬᠣᠯᠪᠣᠭᠠᠲᠠᠢ ᠪᠠᠷ ᠭᠡᠰᠢᠭᠦᠳ ᠠᠰᠠᠭᠤᠯᠲᠠ ᠠᠰᠠᠭᠤᠵᠤ᠂ ᠬᠠᠷᠢᠭᠤᠯᠲᠠ ᠠᠪᠤᠪᠠ᠃
ᠠᠵᠢᠯ ᠤᠨ ᠬᠡᠰᠡᠭ ᠦᠨ ᠠᠬᠠᠯᠠᠭᠴᠢ ᠬ ∙ ᠲᠡᠮᠦᠵᠢᠨ᠄ ᠨᠡᠢᠲᠡ ᠶᠢᠨ ᠠᠯᠪᠠᠨ ᠲᠤᠰᠢᠶᠠᠯ ᠡᠷᠬᠢᠯᠡᠵᠦ ᠪᠠᠢᠭ᠎ᠠ ᠡᠰᠡᠪᠡᠯ ᠡᠷᠬᠢᠯᠡᠵᠦ ᠪᠠᠢᠭᠰᠠᠨ ᠬᠦᠮᠦᠨ ᠢ ᠠᠯᠪᠠᠨ ᠲᠤᠰᠢᠶᠠᠯ᠂ ᠦᠢᠯᠡ ᠠᠵᠢᠯᠯᠠᠭ᠎ᠠ ᠲᠠᠢ ᠨᠢ ᠬᠣᠯᠪᠣᠭᠳᠠᠭᠤᠯᠵᠤ ᠰᠢᠭᠦᠮᠵᠢᠯᠡᠭᠰᠡᠨ ᠪᠣᠯ ᠰᠢᠭᠤᠳ ᠭᠡᠮᠲᠦ ᠬᠡᠷᠡᠭ ᠪᠣᠯᠬᠤ ᠦᠭᠡᠢ ᠭᠡᠳᠡᠭ ᠠᠭᠤᠯᠭ᠎ᠠ ᠶᠢ ᠲᠤᠰᠬᠠᠭᠰᠠᠨ᠃ ᠮᠥᠨ ᠨᠡᠢᠲᠡ ᠶᠢᠨ ᠠᠯᠪᠠᠨ ᠲᠤᠰᠢᠶᠠᠯᠲᠠᠨ ᠥᠪᠡᠷ ᠦᠨ ᠬᠢᠨᠢ ᠦᠢᠯᠡ ᠠᠵᠢᠯᠯᠠᠭ᠎ᠠ ᠲᠠᠢ ᠬᠣᠯᠪᠣᠭ᠎ᠠ ᠲᠠᠢ ᠰᠢᠭᠦᠮᠵᠢᠯᠡᠯ᠂ ᠢᠷᠭᠡᠳ ᠦᠨ ᠭᠣᠮᠣᠳᠠᠯ ᠢᠷᠡᠭᠰᠡᠨ ᠪᠣᠯ ᠲᠡᠭᠦᠨ ᠦ ᠡᠰᠡᠷᠭᠦ ᠰᠢᠭᠤᠳ ᠰᠢᠭᠦᠬᠦ ᠳᠦ ᠬᠠᠨᠳᠤᠬᠤ ᠦᠭᠡᠢ ᠭᠡᠰᠡᠨ ᠰᠠᠨᠠᠭ᠎ᠠ ᠪᠤᠢ᠃
ᠰᠢᠭᠦᠮᠵᠢᠯᠡᠬᠦ ᠶᠢ ᠭᠦᠳᠬᠡᠬᠦ ᠡᠴᠡ ᠢᠯᠭᠠᠵᠤ ᠪᠢᠴᠢᠭᠰᠡᠨ᠃ ᠰᠢᠭᠦᠮᠵᠢᠯᠡᠬᠦ ᠭᠡᠳᠡᠭ ᠣᠯᠠᠨ ᠨᠡᠢᠲᠡ ᠨᠡᠢᠲᠡ ᠶᠢᠨ ᠠᠯᠪᠠᠨ ᠲᠤᠰᠢᠶᠠᠯᠲᠠᠨ ᠢ ᠦᠢᠯᠡ ᠠᠵᠢᠯᠯᠠᠭ᠎ᠠ ᠲᠠᠢ ᠨᠢ ᠬᠣᠯᠪᠣᠭᠳᠠᠭᠤᠯᠤᠨ ᠬᠠᠷᠠᠳᠠᠵᠤ᠂ ᠡᠷᠡᠭᠡᠯᠵᠡᠵᠦ ᠠᠰᠠᠭᠤᠯᠲᠠ ᠠᠰᠠᠭᠤᠬᠤ ᠡᠷᠬᠡ ᠲᠡᠢ᠃ ᠡᠨᠡ ᠡᠷᠬᠡ ᠶᠢᠨ ᠬᠦᠷᠢᠶᠡᠨ ᠳᠦ ᠰᠢᠭᠦᠮᠵᠢᠯᠡᠯᠲᠡᠢ ᠬᠠᠨᠳᠤᠭᠰᠠᠨ ᠢ ᠭᠡᠮᠲᠦ ᠬᠡᠷᠡᠭ ᠲᠦ ᠣᠷᠣᠭᠤᠯᠬᠤ ᠦᠭᠡᠢ᠃ ᠭᠦᠳᠭᠡᠬᠦ ᠭᠡᠳᠡᠭ ᠨᠢ ᠬᠤᠳᠠᠯ ᠡᠰᠡᠪᠡᠯ ᠬᠠᠭᠤᠷᠠᠮᠴᠢ ᠮᠡᠳᠡᠭᠡᠯᠡᠯ ᠢ ᠮᠡᠳᠡᠭᠰᠡᠭᠡᠷ ᠪᠠᠢᠵᠤ ᠲᠠᠷᠠᠭᠠᠬᠤ ᠭᠡᠰᠡᠨ ᠦᠭᠡ ᠭᠡᠪᠡ᠃



