ᠭᠣᠪᠢ ᠠᠯᠲᠠᠢ ᠠᠢᠮᠠᠭ ᠤᠨ ᠬᠢᠨ《ᠦᠨᠳᠦᠰᠦᠨ ᠦ ᠪᠢᠴᠢᠭ ᠰᠤᠶᠤᠯ᠂ ᠨᠣᠮ ᠤᠨ ᠡᠳᠦᠷ ᠦᠳ-2026》 ᠦᠨ ᠬᠦᠷᠢᠶᠡᠨ ᠳᠦ ᠨᠣᠮ ᠤᠩᠰᠢᠬᠤ ᠰᠤᠶᠤᠯ ᠢ ᠲᠦᠭᠡᠭᠡᠨ ᠳᠡᠯᠭᠡᠷᠡᠭᠦᠯᠬᠦ᠂ ᠦᠨᠳᠦᠰᠦᠨ ᠦ ᠪᠢᠴᠢᠭ ᠦᠰᠦᠭ ᠢ ᠰᠤᠷᠲᠠᠯᠴᠢᠯᠠᠬᠤ ᠵᠣᠷᠢᠯᠭ᠎ᠠ ᠪᠠᠷ 《ᠠᠯᠲᠠᠢ ᠳᠤ ᠰᠡᠷᠢᠭᠰᠡᠨ ᠨᠣᠮ》 ᠨᠡᠷ᠎ᠡ ᠲᠡᠢ 10 ᠮᠢᠩᠭᠠᠨ ᠨᠣᠮ ᠤᠨ ᠦᠵᠡᠰᠬᠦᠯᠡᠩ ᠢ ᠳᠡᠯᠭᠡᠨ᠂ ᠣᠯᠠᠨ ᠨᠡᠢᠲᠡ ᠳᠦ ᠲᠣᠯᠢᠯᠠᠭᠤᠯᠤᠯ᠎ᠠ᠃ ᠦᠵᠡᠰᠬᠦᠯᠡᠩ ᠢ 5 ᠳ᠋ᠤᠭᠠᠷ ᠰᠠᠷ᠎ᠠ ᠶᠢᠨ 11 ᠳᠦ ᠨᠡᠭᠡᠭᠡᠭᠰᠡᠨ ᠪᠥᠭᠡᠳ ᠰᠤᠶᠤᠯ ᠤᠨ ᠦᠨᠡᠲᠦ ᠥᠪ ᠢ ᠬᠠᠳᠠᠭᠠᠯᠠᠨ ᠬᠠᠮᠠᠭᠠᠯᠠᠬᠤ᠂ ᠢᠷᠭᠡᠳ ᠦᠨ ᠨᠣᠮ ᠤᠩᠰᠢᠬᠤ ᠰᠣᠨᠢᠷᠬᠠᠯ ᠢ ᠨᠡᠮᠡᠭᠳᠡᠭᠦᠯᠬᠦ᠂ ᠬᠡᠦᠬᠡᠳ ᠵᠠᠯᠠᠭᠤᠴᠤᠳ ᠲᠤ ᠨᠣᠮ ᠤᠨ ᠬᠡᠷᠡᠭᠯᠡᠭᠡ ᠶᠢ ᠲᠥᠯᠦᠪᠰᠢᠭᠦᠯᠬᠦ ᠳᠦ ᠴᠢᠭᠯᠡᠵᠡᠢ᠃
ᠦᠵᠡᠰᠬᠦᠯᠡᠩ ᠳᠦ ᠭᠣᠪᠢ-ᠠᠯᠲᠠᠢ ᠠᠢᠮᠠᠭ ᠤᠨ 《ᠵᠢᠩᠭᠠᠷ》 ᠨᠡᠢᠲᠡ ᠶᠢᠨ ᠨᠣᠮ ᠤᠨ ᠰᠠᠩ ᠳᠦ ᠬᠠᠳᠠᠭᠠᠯᠠᠭᠳᠠᠵᠤ ᠪᠤᠢ 45 ᠮᠢᠩᠭᠠᠨ ᠨᠣᠮ ᠠᠴᠠ ᠰᠢᠯᠢᠳᠡᠭ ᠢᠶᠡᠷ ᠰᠢᠯᠭᠠᠷᠠᠭᠰᠠᠨ 10 ᠮᠢᠩᠭᠠᠨ ᠨᠣᠮ ᠢ ᠰᠣᠩᠭᠣᠨ ᠳᠡᠯᠭᠡᠵᠦ᠂ ᠤᠷᠠᠨ ᠵᠣᠬᠢᠶᠠᠯ᠂ ᠲᠡᠦᠬᠡ᠂ ᠰᠢᠨᠵᠢᠯᠡᠬᠦ ᠤᠬᠠᠭᠠᠨ᠂ ᠬᠡᠦᠬᠡᠳ ᠦᠨ ᠪᠣᠯᠤᠨ ᠰᠤᠳᠤᠯᠭᠠᠨ ᠤ ᠪᠦᠲᠦᠭᠡᠯ ᠵᠡᠷᠭᠡ ᠣᠯᠠᠨ ᠲᠥᠷᠥᠯ ᠦᠨ ᠨᠣᠮ ᠢ ᠢᠷᠭᠡᠳ᠂ ᠤᠩᠰᠢᠭᠴᠢᠳ ᠲᠤ ᠲᠠᠨᠢᠯᠴᠠᠭᠤᠯᠤᠭᠰᠠᠨ ᠪᠠᠢᠨ᠎ᠠ᠃



