ᠮᠣᠩᠭᠣᠯ ᠤᠨ ᠵᠢᠦ᠋ᠳᠣ᠋ ᠪᠥᠬᠡ ᠶᠢᠨ ᠬᠣᠯᠪᠣᠭᠠᠨ ᠠᠴᠠ ᠵ ∙ ᠨᠢᠮᠠᠰᠦ᠋ᠷᠦᠩ ᠦᠨ ᠨᠡᠷᠡᠮᠵᠢᠲᠦ ᠪᠠᠶᠠᠨᠵᠢᠷᠦᠬᠡ ᠰᠤᠮᠤ ᠶᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠳᠤ ᠲᠠᠲ᠋ᠠᠮᠢ ᠳᠡᠪᠵᠢᠶ᠎ᠡ ᠶᠢ ᠭᠠᠷᠳᠠᠭᠤᠯᠤᠨ ᠥᠭᠭᠦᠭᠰᠡᠨ ᠪᠥᠭᠡᠳ ᠶᠣᠰᠣᠯᠠᠯ ᠳᠤ ᠫᠠᠷᠢᠰ ᠤᠨ ᠣᠯᠢᠮᠫ ᠤᠨ ᠮᠥᠩᠭᠥᠨ ᠮᠧᠳᠠᠯᠳᠤ ᠪ ∙ ᠪᠠᠰᠠᠩᠬᠦᠦ ᠣᠷᠣᠯᠴᠠᠭᠰᠠᠨ ᠪᠠᠢᠨ᠎ᠠ᠃
ᠲᠡᠷᠡ ᠪᠡᠷ᠄ ᠮᠠᠨ ᠤ ᠠᠢᠮᠠᠭ ᠲᠤ ᠳᠡᠪᠵᠢᠶ᠎ᠡ ᠦᠭᠡᠢ ᠣᠯᠠᠨ ᠰᠤᠮᠤ ᠪᠠᠢᠳᠠᠭ᠃ ᠥᠨᠥᠳᠥᠷ ᠪᠠᠶᠠᠨᠵᠢᠷᠦᠬᠡ ᠰᠤᠮᠤ ᠶᠢᠨ ᠬᠡᠦᠬᠡᠳ ᠦᠳ ᠰᠲ᠋ᠠᠨᠳᠠᠷᠲ ᠤᠨ ᠳᠡᠪᠵᠢᠶ᠎ᠡ ᠲᠡᠢ ᠪᠣᠯᠵᠤ ᠪᠣᠢ ᠳᠤ ᠪᠠᠶᠠᠷ ᠲᠠᠢ ᠪᠠᠢᠨ᠎ᠠ᠃ ᠣᠯᠠᠨ ᠬᠡᠦᠬᠡᠳ ᠦᠨ ᠢᠷᠡᠭᠡᠳᠦᠢ ᠭᠡᠷᠡᠯᠲᠦᠵᠦ ᠪᠠᠢᠨ᠎ᠠ᠃ ᠪᠢ 14 ᠨᠠᠰᠤᠨ ᠠᠴᠠ ᠪᠠᠨ ᠵᠢᠦ᠋ᠳᠣ᠋ ᠪᠥᠬᠡ ᠪᠡᠷ ᠬᠢᠴᠢᠶᠡᠯᠯᠡᠵᠦ ᠡᠬᠢᠯᠡᠵᠦ ᠪᠠᠢᠭᠰᠠᠨ ᠪᠥᠭᠡᠳ ᠲᠡᠷᠡ ᠦᠶ᠎ᠡ ᠳᠦ ᠪᠥᠬᠡᠴᠦᠳ ᠨᠣᠭᠣᠭᠠᠨ ᠬᠡᠪᠢᠰᠦᠨ ᠳᠡᠭᠡᠷ᠎ᠡ ᠪᠡᠯᠡᠳᠬᠡᠯ ᠢᠶᠡᠨ ᠬᠢᠳᠡᠭ ᠪᠠᠢᠯ᠎ᠠ᠃ ᠬᠠᠷᠢᠨ ᠡᠨᠡ ᠰᠤᠮᠤ ᠪᠣᠯᠤᠨ ᠬᠥᠪᠰᠥᠭᠥᠯ ᠨᠤᠲᠤᠭ ᠠᠴᠠ ᠮᠠᠨᠢ ᠢᠷᠡᠭᠡᠳᠦᠢ ᠳᠦ ᠲᠢᠪ᠂ ᠳᠡᠯᠡᠬᠡᠢ ᠶᠢᠨ ᠣᠯᠠᠨ ᠠᠪᠤᠷᠭᠤ ᠲᠠᠮᠢᠷᠴᠢᠳ ᠲᠥᠷᠥᠨ᠎ᠡ ᠭᠡᠳᠡᠭ ᠲᠦ ᠢᠲᠡᠭᠡᠯ ᠲᠡᠢ ᠪᠠᠢᠨ᠎ᠠ ᠭᠡᠪᠡ᠃
ᠵᠢᠦ᠋ᠳᠣ᠋ ᠪᠠᠷ ᠬᠢᠴᠢᠶᠡᠯᠯᠡᠵᠦ ᠪᠤᠢ ᠬᠡᠦᠬᠡᠳ ᠦᠳ ᠲᠦ ᠲᠡᠷᠡ ᠪᠡᠷ᠄ ᠳᠤᠷ᠎ᠠ ᠲᠠᠢ ᠵᠦᠢᠯ ᠢᠶᠡᠨ ᠡᠷᠴᠢ ᠬᠦᠴᠦᠲᠡᠢ᠂ ᠲᠤᠤᠱᠲᠠᠢ ᠬᠢᠭᠡᠷᠡᠢ᠃ ᠵᠢᠦ᠋ᠳᠣ᠋ ᠪᠣᠯ ᠬᠦᠨᠳᠦᠯᠡᠯ᠂ ᠬᠠᠮᠲᠤ ᠶᠢᠨ ᠬᠦᠴᠦ᠂ ᠠᠮᠵᠢᠯᠲᠠ ᠬᠡᠮᠡᠨ ᠵᠠᠬᠢᠵᠤ᠂ ᠳᠡᠯᠡᠬᠡᠢ ᠶᠢᠨ ᠠᠪᠤᠷᠭᠤ ᠪᠣᠯᠤᠨ ᠣᠯᠢᠮᠫ ᠤᠨ ᠮᠧᠳᠠᠯ ᠬᠦᠷᠲᠡᠬᠦ ᠳᠦ ᠪᠡᠨ ᠠᠰᠢᠭᠯᠠᠵᠤ ᠪᠠᠢᠭᠰᠠᠨ ᠮᠡᠬᠡ ᠨᠦᠭᠦᠳ ᠡᠴᠡ ᠪᠡᠨ ᠳᠡᠭᠦᠦ ᠨᠠᠷ ᠲᠤ ᠪᠠᠨ ᠵᠢᠭᠠᠵᠤ ᠥᠭᠭᠦᠭᠰᠡᠨ ᠪᠠᠢᠨ᠎ᠠ᠃



