ᠪᠠᠶᠠᠨ ᠥᠯᠥᠭᠡᠢ ᠳᠦ ᠵᠠᠯᠠᠭᠤ ᠮᠠᠯᠴᠢᠳ ᠤᠨ ᠰᠠᠨᠠᠯ ᠰᠤᠯᠢᠯᠴᠠᠬᠤ ᠵᠥᠪᠯᠡᠯᠭᠡᠨ ᠪᠣᠯᠤᠨ᠎ᠠ | News.MN

ᠪᠠᠶᠠᠨ ᠥᠯᠥᠭᠡᠢ ᠳᠦ ᠵᠠᠯᠠᠭᠤ ᠮᠠᠯᠴᠢᠳ ᠤᠨ ᠰᠠᠨᠠᠯ ᠰᠤᠯᠢᠯᠴᠠᠬᠤ ᠵᠥᠪᠯᠡᠯᠭᠡᠨ ᠪᠣᠯᠤᠨ᠎ᠠ

ᠪᠠᠶᠠᠨ-ᠥᠯᠥᠭᠡᠢ ᠠᠢᠮᠠᠭ ᠤᠨ ᠵᠠᠯᠠᠭᠤ ᠮᠠᠯᠴᠢᠳ ᠤᠨ ᠣᠷᠣᠯᠴᠠᠭ᠎ᠠ ᠶᠢ ᠨᠡᠮᠡᠭᠳᠡᠭᠦᠯᠬᠦ᠂ ᠲᠡᠳᠡᠨ ᠢ ᠳᠡᠮᠵᠢᠬᠦ ᠪᠣᠳᠣᠯᠭ᠎ᠠ᠂ ᠪᠣᠯᠤᠮᠵᠢ ᠨᠤᠭᠤᠳ ᠢ ᠬᠡᠯᠡᠯᠴᠡᠬᠦ ᠵᠣᠷᠢᠯᠭ᠎ᠠ ᠲᠠᠢ 《ᠵᠠᠯᠠᠭᠤ ᠮᠠᠯᠴᠢᠳ ᠤᠨ ᠵᠥᠪᠯᠡᠯᠭᠡᠨ》 ᠢ ᠡᠨᠡ ᠰᠠᠷ᠎ᠠ ᠶᠢᠨ 15 ᠳᠦ ᠠᠢᠮᠠᠭ ᠤᠨ ᠲᠥᠪ ᠲᠦ ᠵᠣᠬᠢᠶᠠᠨ ᠪᠠᠢᠭᠤᠯᠤᠨ᠎ᠠ᠃

ᠲᠤᠰ ᠵᠥᠪᠯᠡᠯᠭᠡᠨ ᠳᠦ ᠪᠦᠬᠦ ᠰᠤᠮᠤ᠂ ᠪᠠᠭ ᠤᠨ ᠵᠠᠯᠠᠭᠤ ᠮᠠᠯᠴᠢᠳ ᠤᠨ ᠲᠥᠯᠥᠭᠡᠯᠡᠯ ᠢ ᠣᠷᠤᠯᠴᠠᠭᠤᠯᠵᠤ᠂ ᠬᠥᠳᠡᠭᠡ ᠠᠵᠤ ᠠᠬᠤᠢ ᠶᠢᠨ ᠰᠠᠯᠪᠤᠷᠢ ᠶᠢᠨ ᠥᠨᠥ ᠶᠢᠨ ᠪᠣᠳᠣᠯᠭ᠎ᠠ᠂ ᠬᠡᠷᠡᠭᠵᠢᠵᠦ ᠪᠤᠢ ᠦᠢᠯᠡ ᠠᠵᠢᠯᠯᠠᠭ᠎ᠠ ᠪᠣᠯᠤᠨ ᠴᠠᠭᠠᠰᠢᠳᠠ ᠶᠢᠨ ᠴᠢᠭ ᠬᠠᠨᠳᠤᠯᠭ᠎ᠠ ᠶᠢᠨ ᠲᠠᠯ᠎ᠠ ᠪᠠᠷ ᠰᠠᠨᠠᠯ ᠰᠤᠯᠢᠯᠴᠠᠬᠤ ᠶᠤᠮ᠃ ᠮᠥᠨ ᠵᠠᠯᠠᠭᠤ ᠮᠠᠯᠴᠢᠳ ᠢ ᠳᠡᠮᠵᠢᠬᠦ ᠲᠥᠰᠥᠯ ᠬᠥᠲᠥᠯᠪᠦᠷᠢ ᠨᠦᠭᠦᠳ ᠦᠨ ᠬᠡᠷᠡᠭᠵᠢᠯᠲᠡ᠂ ᠮᠠᠯ ᠠᠵᠤ ᠠᠬᠤᠢ ᠶᠢᠨ ᠰᠠᠯᠪᠤᠷᠢ ᠳᠤ ᠵᠠᠯᠠᠭᠤᠴᠤᠳ ᠤᠨ ᠣᠷᠣᠯᠴᠠᠭ᠎ᠠ ᠶᠢ ᠨᠡᠮᠡᠭᠳᠡᠭᠦᠯᠬᠦ᠂ ᠬᠠᠮᠲᠤ ᠶᠢᠨ ᠠᠵᠢᠯᠯᠠᠭ᠎ᠠ ᠶᠢ ᠥᠷᠭᠡᠵᠢᠭᠦᠯᠬᠦ ᠠᠰᠠᠭᠤᠳᠠᠯ ᠢ ᠬᠡᠯᠡᠯᠴᠡᠨ᠎ᠡ᠃

ᠰᠡᠳᠬᠢᠭᠳᠡᠯ ᠦᠯᠡᠳᠡᠭᠡᠬᠦ