ᠨᠣᠮ ᠤᠨ ᠪᠠᠶᠠᠷ ᠢᠶᠠᠷ 《ᠰᠡᠳᠬᠢᠯ ᠢ ᠲᠡᠵᠢᠭᠡᠬᠦ 50 ᠨᠣᠮ》 ᠤᠨ ᠵᠢᠭᠰᠠᠭᠠᠯᠲᠠ ᠶᠢ ᠲᠠᠨᠢᠯᠴᠠᠭᠤᠯᠤᠨ᠎ᠠ | News.MN

ᠨᠣᠮ ᠤᠨ ᠪᠠᠶᠠᠷ ᠢᠶᠠᠷ 《ᠰᠡᠳᠬᠢᠯ ᠢ ᠲᠡᠵᠢᠭᠡᠬᠦ 50 ᠨᠣᠮ》 ᠤᠨ ᠵᠢᠭᠰᠠᠭᠠᠯᠲᠠ ᠶᠢ ᠲᠠᠨᠢᠯᠴᠠᠭᠤᠯᠤᠨ᠎ᠠ

2026 ᠣᠨ ᠤ ᠬᠠᠪᠤᠷ ᠤᠨ ᠨᠣᠮ ᠤᠨ ᠪᠠᠶᠠᠷ ᠢ ᠲᠠᠪᠤᠳᠤᠭᠠᠷ ᠰᠠᠷ᠎ᠠ ᠶᠢᠨ 15-17 ᠤ ᠡᠳᠦᠷ ᠦᠳ ᠲᠦ ᠰᠦᠬᠡᠪᠠᠭᠠᠲᠤᠷ ᠤᠨ ᠲᠠᠯᠠᠪᠠᠢ ᠳᠤ ᠵᠣᠬᠢᠶᠠᠨ ᠪᠠᠢᠭᠤᠯᠤᠨ᠎ᠠ᠃ ᠡᠨᠡ ᠬᠦ ᠨᠣᠮ ᠤᠨ ᠪᠠᠶᠠᠷ ᠲᠤ ᠳᠤᠮᠳᠠᠴᠢ ᠪᠠᠷ 300 ᠮᠢᠩᠭ᠎ᠠ ᠭᠠᠷᠤᠢ ᠤᠩᠰᠢᠭᠴᠢ ᠬᠦᠷᠦᠯᠴᠡᠨ ᠢᠷᠡᠳᠡᠭ ᠪᠥᠭᠡᠳ 200 ᠭᠠᠷᠤᠢ ᠬᠡᠪᠯᠡᠨ ᠨᠡᠢᠲᠡᠯᠡᠭᠴᠢ᠂ 300 ᠣᠷᠴᠢᠮ ᠵᠣᠬᠢᠶᠠᠯᠴᠢ᠂ ᠣᠷᠴᠢᠭᠤᠯᠤᠭᠴᠢ᠂ ᠷᠧᠳᠠᠺᠲᠣᠷ᠂ ᠡᠷᠳᠡᠮᠲᠡᠨ ᠰᠤᠳᠤᠯᠤᠭᠠᠴᠢᠳ ᠲᠣᠭᠲᠠᠮᠠᠯ ᠣᠷᠣᠯᠴᠠᠭᠰᠠᠭᠠᠷ ᠢᠷᠡᠭᠰᠡᠨ᠃

ᠡᠨᠡ ᠤᠳᠠᠭ᠎ᠠ ᠶᠢᠨ ᠪᠠᠶᠠᠷ ᠢᠶᠠᠷ 2026-2027 ᠣᠨ ᠤ ᠬᠢᠴᠢᠶᠡᠯ ᠦᠨ ᠵᠢᠯ ᠳᠦ ᠵᠣᠷᠢᠭᠤᠯᠤᠭᠰᠠᠨ 《ᠰᠡᠳᠬᠢᠯ ᠢ ᠲᠡᠵᠢᠭᠡᠬᠦ 50 ᠨᠣᠮ》 ᠤᠨ ᠵᠢᠭᠰᠠᠭᠠᠯᠲᠠ ᠶᠢ ᠣᠯᠠᠨ ᠨᠡᠢᠲᠡ ᠳᠦ ᠲᠠᠨᠢᠯᠴᠠᠭᠤᠯᠬᠤ ᠪᠠᠷ ᠪᠣᠯᠵᠠᠢ᠃《ᠰᠡᠳᠬᠢᠯ ᠢ ᠲᠡᠵᠢᠭᠡᠬᠦ 50 ᠨᠣᠮ》 ᠤᠨ ᠵᠢᠭᠰᠠᠭᠠᠯᠲᠠ ᠨᠢ ᠬᠡᠦᠬᠡᠳ ᠪᠠᠭᠠᠴᠤᠳ ᠲᠤ ᠪᠤᠰᠤᠳ ᠢ ᠬᠠᠢᠷᠠᠯᠠᠬᠤ᠂ ᠬᠦᠨᠳᠦᠯᠡᠬᠦ᠂ ᠤᠢᠯᠠᠭᠠᠬᠤ ᠤᠬᠠᠭᠠᠨ ᠢ ᠲᠥᠯᠦᠪᠰᠢᠭᠦᠯᠬᠦ ᠵᠣᠷᠢᠯᠭ᠎ᠠ ᠲᠠᠢ᠃ ᠲᠡᠭᠦᠨᠴᠢᠯᠡᠨ 2025-2026 ᠣᠨ ᠤ ᠤᠩᠰᠢᠯᠭ᠎ᠠ ᠶᠢᠨ ᠵᠢᠯ ᠦᠨ ᠠᠵᠢᠯ ᠢᠶᠠᠨ ᠳ᠋ᠦᠩᠨᠡᠵᠦ᠂ ᠬᠡᠦᠬᠡᠳ ᠢ ᠨᠣᠮ ᠳᠤ ᠳᠤᠷᠠᠯᠠᠬᠤ ᠳᠠᠳᠤᠯ ᠢ ᠳᠡᠮᠵᠢᠬᠦ ᠦᠢᠯᠡ ᠠᠵᠢᠯᠯᠠᠭ᠎ᠠ ᠨᠤᠭᠤᠳ ᠵᠣᠬᠢᠶᠠᠨ ᠪᠠᠢᠭᠤᠯᠬᠤ ᠪᠠᠷ ᠪᠣᠯᠵᠠᠢ᠃

 

ᠰᠡᠳᠬᠢᠭᠳᠡᠯ ᠦᠯᠡᠳᠡᠭᠡᠬᠦ