ᠤᠯᠤᠰ ᠤᠨ ᠬᠡᠮᠵᠢᠶᠡᠨ ᠳᠦ ᠲᠠᠪᠤᠳᠤᠭᠠᠷ ᠰᠠᠷ᠎ᠠ ᠶᠢᠨ 8 ᠤ ᠪᠠᠢᠳᠠᠯ ᠢᠶᠠᠷ ᠲᠥᠯᠯᠡᠪᠡᠯ ᠵᠣᠬᠢᠬᠤ 22.4 ᠰᠠᠶ᠎ᠠ ᠡᠬᠡ ᠮᠠᠯ ᠤᠨ 65.6 ᠬᠤᠪᠢ ᠪᠤᠶᠤ 14.7 ᠰᠠᠶ᠎ᠠ ᠨᠢ ᠲᠥᠯᠯᠡᠭᠰᠡᠨ ᠪᠠᠢᠨ᠎ᠠ᠃ ᠨᠡᠢᠲᠡ 14.7 ᠰᠠᠶ᠎ᠠ ᠲᠥᠯ ᠬᠦᠯᠢᠶᠡᠨ ᠠᠪᠤᠭᠰᠠᠨ ᠠᠴᠠ 14.5 ᠰᠠᠶ᠎ᠠ ᠨᠢ ᠪᠣᠢᠵᠢᠵᠤ᠂ ᠲᠥᠯ ᠦᠨ ᠪᠣᠢᠵᠢᠯᠲᠠ 98.8 ᠬᠤᠪᠢ ᠲᠠᠢ ᠪᠠᠢᠨ᠎ᠠ᠃
ᠪᠥᠰᠡ ᠨᠤᠲᠤᠭ ᠢᠶᠠᠷ ᠠᠪᠴᠤ ᠦᠵᠡᠪᠡᠯ ᠪᠠᠷᠠᠭᠤᠨ ᠪᠥᠰᠡ ᠳᠦ ᠲᠥᠯᠯᠡᠯᠲᠡ 69.9 ᠬᠤᠪᠢ ᠲᠠᠢ ᠪᠠᠢᠭ᠎ᠠ ᠨᠢ ᠬᠠᠮᠤᠭ ᠤᠨ ᠥᠨᠳᠥᠷ ᠦᠵᠡᠭᠦᠯᠦᠯᠲᠡ ᠪᠥᠭᠡᠳ ᠵᠡᠭᠦᠨ ᠪᠥᠰᠡ 65.3 ᠬᠤᠪᠢ᠂ ᠬᠠᠩᠭᠠᠢ ᠶᠢᠨ ᠪᠥᠰᠡ 65.0 ᠬᠤᠪᠢ᠂ ᠲᠥᠪ ᠦᠨ ᠪᠥᠰᠡ 62.5 ᠬᠤᠪᠢ ᠲᠠᠢ ᠦᠷᠭᠦᠯᠵᠢᠯᠡᠵᠦ ᠪᠠᠢᠨ᠎ᠠ᠃



