ᠮᠣᠩᠭᠣᠯ ᠪᠢᠴᠢᠭ ᠤᠨ ᠤᠯᠤᠰ ᠤᠨ ᠬᠣᠷᠢᠳᠤᠭᠠᠷ ᠤᠯᠢᠮᠫᠢᠶᠡᠳ᠋ ᠮᠣᠩᠭᠣᠯ ᠤᠯᠤᠰ ᠤᠨ ᠪᠣᠯᠪᠠᠰᠤᠷᠠᠯ ᠤᠨ ᠶᠡᠬᠡ ᠰᠤᠷᠭᠠᠭᠤᠯᠢ ᠤᠨ ᠲᠥᠪ ᠪᠠᠢᠷᠢᠨ ᠳᠤ ᠥᠴᠥᠭᠡᠳᠦᠷ ᠪᠣᠯᠵᠤ ᠂ ᠱᠠᠩᠨᠠᠯᠲᠠᠳ ᠲᠣᠳᠣᠷᠠᠯ᠎ᠠ᠃ ᠡᠨᠡ ᠤᠳᠠᠭ᠎ᠠ ᠶᠢᠨ ᠣᠯᠢᠮᠫᠢᠶᠠᠳ ᠢ ᠭᠠᠭᠴᠠᠭᠠᠷᠴᠢᠯᠠᠭᠰᠠᠨ ᠪᠤᠯᠦᠠ ᠠᠩᠭᠢ ︵ ᠪᠠᠭ︶ ᠤᠨ ᠠᠩᠭᠢᠯᠠᠯ ᠢᠶᠠᠷ ᠬᠢᠴᠢᠶᠡᠨᠭᠬᠦᠢ ᠪᠢᠴᠢᠭ᠂ ᠬᠤᠷᠳᠦᠠ ᠤᠩᠰᠢᠯᠭ᠎ᠠ᠂ ᠵᠣᠬᠢᠶᠠᠨ ᠪᠢᠴᠢᠯᠭᠡ ᠭᠡᠰᠡᠨ ᠭᠤᠷᠪᠠᠨ ᠲᠥᠷᠥᠯ ᠢᠶᠡᠷ ᠵᠣᠬᠢᠶᠠᠨ ᠪᠠᠢᠭᠤᠯᠵᠠᠢ ᠃
ᠡᠨᠡ ᠤᠳᠠᠭ᠎ᠠ ᠣᠷᠣᠨ ᠨᠤᠲᠤᠭ ᠠᠴᠠ 21 ᠪᠠᠭ᠌ᠰᠢ ᠂ 21 ᠰᠤᠷᠤᠭ᠌ᠴᠢ ᠂ ᠨᠡᠢᠰᠯᠡᠯ ᠡᠴᠡ 10 ᠪᠠᠭ᠌ᠰᠢ ᠂ 9 ᠰᠤᠷᠤᠭ᠌ᠴᠢ ᠣᠷᠣᠯᠴᠠᠯ᠎ᠠ ᠃ ᠡᠭᠦᠨ ᠳᠤ 1-3 ᠳ᠋ᠡᠬᠢ ᠵᠢᠯ ᠳᠤ ᠪᠠᠨ ᠣᠷᠣᠯᠴᠠᠵᠤ ᠪᠤᠶ ᠪᠠᠭ᠌ᠰᠢ 18 ᠂ 4-6 ᠳ᠋ᠡᠬᠢ ᠵᠢᠯ ᠳᠤ ᠪᠠᠨ ᠣᠷᠣᠯᠴᠠᠵᠤ ᠪᠤᠶ ᠪᠠᠭ᠌ᠰᠢ 7 ᠂ 7-9 ᠳ᠋ᠡᠬᠢ ᠵᠢᠯ ᠳᠤ ᠪᠠᠨ ᠣᠷᠣᠯᠴᠠᠵᠤ ᠪᠤᠶ ᠪᠠᠭ᠌ᠰᠢ 2 ᠂ 10 ᠠᠴᠠ ᠳᠡᠭᠡᠭ᠍ᠰᠢ ᠵᠢᠯ ᠣᠷᠣᠯᠴᠠᠵᠤ ᠪᠤᠶ ᠪᠠᠭ᠌ᠰᠢ 4 ᠪᠠᠢᠭᠰᠠᠨ ᠪᠥᠭᠡᠳ ᠣᠷᠤᠯᠴᠠᠭ᠌ᠴᠢ ᠪᠠᠭ᠌ᠰᠢ ᠨᠠᠷ ᠤᠨ 12 ᠨᠢ 10 ᠠᠴᠠ ᠳᠣᠭᠣᠭ᠌ᠰᠢ ᠵᠢᠯ ᠠᠵᠢᠯᠯᠠᠭᠰᠠᠨ ᠪᠣᠯ ᠂ 19 ᠨᠢ 10 ᠠᠴᠠ ᠳᠡᠭᠡᠭ᠍ᠰᠢ ᠵᠢᠯ ᠠᠵᠢᠯᠯᠠᠭᠰᠠᠨ ᠠᠵᠢᠯ ᠤᠨ ᠲᠤᠷᠰᠢᠯᠭ᠎ᠠ ᠲᠠᠢ ᠪᠠᠢᠵᠠᠢ᠃



