ᠡᠷᠳᠡᠮ ᠰᠢᠨᠵᠢᠯᠡᠭᠡᠨ ᠤ ᠬᠤᠷᠠᠯ ᠳᠤ 7 ᠢᠯᠡᠳᠬᠡᠯ ᠬᠡᠯᠡᠯᠴᠡᠭᠦᠯᠦᠯ᠎ᠡ | News.MN

ᠡᠷᠳᠡᠮ ᠰᠢᠨᠵᠢᠯᠡᠭᠡᠨ ᠤ ᠬᠤᠷᠠᠯ ᠳᠤ 7 ᠢᠯᠡᠳᠬᠡᠯ ᠬᠡᠯᠡᠯᠴᠡᠭᠦᠯᠦᠯ᠎ᠡ

ᠣᠯᠠᠨ ᠤᠯᠤᠰ ᠤᠨ ᠰᠤᠪᠢᠯᠡᠬᠴᠢ ᠂ ᠡᠬᠡ ᠪᠠᠷᠢᠭ᠌ᠴᠢᠳ ᠤᠨ ᠡᠳᠦᠷ ᠢ ᠤᠭᠲᠤᠨ ᠪᠠᠶᠠᠨ ᠥᠯᠥᠭᠡᠢ ᠠᠢᠮᠠᠭ ᠤᠨ ᠨᠢᠭᠡᠳᠦᠭ᠍ᠰᠡᠨ ᠡᠮᠨᠡᠯᠭᠡ ᠶᠢᠨ  ᠰᠤᠪᠢᠯᠠᠭᠴᠢᠳ ᠤᠨ ᠳᠤᠮᠳᠠ ᠡᠷᠳᠡᠮ ᠰᠢᠨᠵᠢᠯᠡᠭᠡᠨ ᠤ ᠪᠡᠭ᠎ᠠ ᠬᠤᠷᠠᠯ ᠵᠣᠬᠢᠶᠠᠨ ᠪᠠᠢᠭᠤᠯᠵᠠᠢ ᠃ ᠲᠤᠰ ᠬᠤᠷᠠᠯ ᠨᠢ ᠰᠤᠪᠢᠯᠠᠬᠤᠢ ᠶᠢᠨ ᠲᠤᠰᠠᠯᠠᠮᠵᠢ ᠦᠢᠯᠡᠴᠢᠯᠡᠭᠡᠨ ᠤ ᠴᠢᠨᠠᠷ ᠢ ᠰᠠᠢᠵᠢᠷᠠᠭᠤᠯᠬᠤ᠂ ᠮᠡᠳᠡᠯᠭᠡ᠂ ᠤᠷ᠎ᠠ ᠴᠢᠳᠠᠪᠤᠷᠢ ᠶᠢ ᠳᠡᠭᠡᠭ᠍ᠰᠢᠯᠡᠭᠦᠯᠬᠦ ᠂ ᠲᠤᠷᠰᠢᠯᠭ᠎ᠠ ᠰᠣᠯᠢᠯᠴᠠᠭ᠎ᠠ ᠶᠢ ᠥᠷᠭᠡᠵᠢᠭᠦᠯᠬᠦ ᠵᠣᠷᠢᠯᠭ᠎ᠠ ᠲᠠᠢ᠃ ᠬᠤᠷᠠᠯ ᠳᠤ 22 ᠲᠠᠰᠤᠭ ᠤᠨ ᠲᠥᠯᠦᠭᠡᠯᠡᠯ ᠣᠷᠣᠯᠴᠠᠵᠤ ᠂ 7 ᠢᠯᠡᠳᠬᠡᠯ ᠬᠡᠯᠡᠯᠴᠡᠭᠦᠯᠦᠭ᠍ᠰᠡᠨ ᠪᠡᠢᠨ᠎ᠡ ᠃

ᠰᠤᠳᠤᠯᠭᠠᠨ ᠤ ᠠᠵᠢᠯ ᠢᠶᠠᠷ ᠨᠢᠭᠡᠳᠦᠭᠡᠷ ᠪᠠᠢᠷᠢ ᠳᠤ《ᠬᠡᠦᠬᠡᠳ ᠤᠨ ᠬᠠᠯᠠᠭᠤᠷᠠᠯᠲᠠ ᠶᠢᠨ ᠦᠶ᠎ᠡ ᠳᠤ ᠡᠴᠢᠭᠡ ᠡᠬᠡ ᠂ ᠠᠰᠠᠷᠠᠨ ᠬᠠᠮᠠᠭᠠᠯᠠᠭ᠌ᠴᠢᠳ ᠤᠨ ᠮᠡᠳᠡᠯᠭᠡ᠂ ᠬᠠᠨᠳᠤᠯᠭ᠎ᠠ ᠶᠢ ᠰᠤᠳᠤᠯᠬᠤ ᠨᠢ》ᠰᠡᠳᠦᠪᠲᠤ ᠢᠯᠡᠳᠬᠡᠯ ᠢᠶᠠᠷ ᠬᠡᠦᠬᠡᠳ ᠤᠨ ᠲᠠᠰᠤᠭ ᠤᠨ ᠰᠤᠪᠢᠯᠡᠬᠴᠢ ᠰ ᠎∙  ᠲᠤᠷᠬᠢᠨᠲᠠᠢ᠂ ᠮ ∙ ᠰᠤᠯᠤᠱᠠᠱ᠂ ᠬᠣᠶᠠᠳᠤᠭᠠᠷ ᠪᠠᠢᠷᠢ ᠳᠤ《ᠰᠤᠪᠢᠯᠠᠬᠤᠢ ᠶᠢᠨ ᠲᠡᠦᠬᠡ ᠪᠢᠴᠢᠬᠦ ᠤᠷ᠎ᠠ ᠴᠢᠳᠠᠪᠤᠷᠢ ᠳᠤ ᠨᠥᠯᠥᠭᠡᠯᠡᠬᠦ ᠬᠦᠴᠦᠨ ᠵᠦᠢᠯᠡᠰ ᠢ ᠰᠤᠳᠤᠯᠬᠤ ᠨᠢ 》ᠰᠡᠳᠦᠪ ᠢᠶᠡᠷ ᠰᠤᠪᠢᠯᠠᠬᠤᠢ ᠶᠢᠨ ᠠᠷᠭ᠎ᠠ ᠵᠦᠢᠴᠢ ᠬ᠎ ∙ᠡᠷᠺᠧᠵᠠᠨ ᠂ ᠰ ∙ ᠹᠠᠷᠢᠽᠠ ᠨᠠᠷ᠂  ᠭᠤᠷᠪᠠᠳᠤᠭᠠᠷ ᠪᠠᠢᠷᠢ ᠳᠤ《ᠲᠦᠩᠬᠦ ᠶᠢᠨ ᠮᠤᠯᠲᠤᠷᠠᠯ ᠤᠨ ᠠᠰᠠᠷᠠᠭ᠎ᠠ᠂ ᠰᠤᠪᠢᠯᠠᠭ᠎ᠠ》ᠰᠡᠳᠦᠪ ᠢᠶᠡᠷ ᠲᠦᠷᠦᠭᠦ ᠲᠠᠰᠤᠭ ᠤᠨ ᠨᠢᠷᠠᠢ ᠶᠢᠨ ᠰᠤᠪᠢᠯᠡᠬᠴᠢ ᠪ ∙   ᠠᠯᠲ᠋ᠢᠩᠭᠦᠯ ᠂ D∙ᠮᠠᠷᠠᠯ ᠰᠢᠯᠭᠠᠷᠠᠵᠠᠢ ᠃

 

ᠰᠡᠳᠬᠢᠭᠳᠡᠯ ᠦᠯᠡᠳᠡᠭᠡᠬᠦ