ᠦᠨᠳᠦᠰᠦᠨ ᠤ ᠪᠢᠴᠢᠭ ᠦᠰᠦᠭ ᠦᠨ ᠪᠠᠶᠠᠷ ᠤᠨ ᠬᠦᠷᠢᠶᠡᠨ ᠳᠤ ᠵᠠᠪᠬᠠᠨ ᠠᠢᠮᠠᠭ ᠲᠤ《ᠲᠥᠷᠥᠯᠬᠢ ᠮᠣᠩᠭᠣᠯ ᠬᠡᠯᠡ》ᠤᠷᠠᠨ ᠪᠢᠴᠢᠯᠭᠡ ᠶᠢᠨ ᠠᠷᠪᠠᠨ ᠨᠢᠭᠡᠳᠦᠭᠡᠷ ᠤᠷᠤᠯᠳᠤᠭᠠᠨ᠂ ᠮᠥᠨ ᠮᠣᠩᠭᠣᠯ ᠪᠢᠴᠢᠭ ᠤᠨ ᠲᠡᠷᠢᠭᠦᠨ ᠤ ᠤᠩᠰᠢᠭ᠌ᠴᠢ ᠰᠢᠯᠭᠠᠷᠠᠭᠤᠯᠬᠤ ᠤᠯᠤᠰ ᠤᠨ ᠬᠣᠷᠢᠳᠤᠭᠠᠷ ᠤᠷᠤᠯᠳᠤᠭᠠᠨ ᠲᠤᠰ ᠲᠤᠰ ᠪᠣᠯᠣᠯ᠎ᠠ ᠃
ᠨᠡᠷᠡᠲᠦ ᠢᠷᠠᠭᠤ ᠨᠠᠢᠷᠠᠭ᠌ᠴᠢ ᠷᠢᠨᠴᠢᠨ ᠦ ᠴᠤᠢᠨᠤᠮ ᠤᠨ ᠮᠡᠨᠳᠦᠯᠡᠭ᠍ᠰᠡᠨ ᠤ 90 ᠵᠢᠯ ᠦᠨ ᠣᠢ ᠶᠢ ᠲᠣᠬᠢᠶᠠᠯᠳᠤᠭᠤᠯᠤᠨ ᠲᠡᠭᠦᠨ ᠤ ᠨᠠᠮᠲᠠᠷ ᠂ ᠤᠷᠠᠨ ᠪᠦᠲᠦᠭᠡᠯ ᠢ ᠬᠡᠦᠬᠡᠳ ᠂ ᠵᠠᠯᠠᠭᠤᠰ ᠲᠤ ᠰᠤᠷᠲᠠᠯᠴᠢᠯᠠᠨ ᠲᠠᠨᠢᠭᠤᠯᠬᠤ ᠵᠣᠷᠢᠯᠭ᠎ᠠ ᠪᠠᠷ《ᠲᠥᠷᠥᠯᠬᠢ ᠮᠣᠩᠭᠣᠯ ᠬᠡᠯᠡ》ᠤᠷᠠᠨ ᠪᠢᠴᠢᠯᠭᠡ ᠶᠢᠨ ᠤᠷᠤᠯᠳᠤᠭᠠᠨ ᠢ ᠵᠣᠬᠢᠶᠠᠨ ᠪᠠᠢᠭᠤᠯᠤᠭᠰᠠᠨ ᠪᠡᠢᠨ᠎ᠡ᠃ ᠤᠷᠤᠯᠳᠤᠭᠠᠨ ᠳᠤ ᠵᠠᠪᠬᠠᠨ ᠠᠢᠮᠠᠭ ᠤᠨ ᠨᠠᠢ᠍ᠮᠠᠨ ᠰᠤᠮᠤ ᠠᠴᠠ 15 ᠰᠤᠷᠤᠭ᠌ᠴᠢ ᠣᠷᠣᠯᠴᠠᠵᠤ ᠂ ᠠᠪᠢᠶᠠᠰ ᠴᠢᠳᠠᠪᠤᠷᠢ ᠪᠠᠨ ᠰᠣᠷᠢᠨ ᠥᠷᠢᠰᠦᠯᠳᠦᠵᠡᠢ ᠃
ᠮᠣᠩᠭᠣᠯ ᠪᠢᠴᠢᠭ ᠤᠨ ᠲᠡᠷᠢᠭᠦᠨ ᠤ ᠤᠩᠰᠢᠭ᠌ᠴᠢ ᠰᠢᠯᠭᠠᠷᠠᠭᠤᠯᠬᠤ ᠤᠯᠤᠰ ᠤᠨ ᠤᠷᠤᠯᠳᠤᠭᠠᠨ ᠳᠤ 12 ᠰᠤᠮᠤ ᠶᠢᠨ 70 ᠭᠠᠷᠦᠢ ᠰᠤᠷᠤᠯᠴᠠᠭ᠌ᠴᠢ ᠣᠷᠣᠯᠴᠠᠭᠰᠠᠨ ᠪᠡᠢᠨ᠎ᠡ ᠃ ᠤᠷᠤᠯᠳᠤᠭᠠᠨ ᠤ 6-7 ᠳ᠋ᠤᠭᠠᠷ ᠠᠩᠭᠢ ᠶᠢᠨ ᠠᠩᠭᠢᠯᠠᠯ ᠳᠤ ᠰᠠᠩᠲᠤᠮᠠᠷᠭᠠᠵᠠ ᠰᠤᠮᠤ ᠶᠢᠨ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠶᠢᠨ 7а ᠠᠩᠭᠢ ᠶ᠋ᠢᠨ ᠰᠤᠷᠤᠭ᠌ᠴᠢ ᠬ∙ ᠯᠾᠬᠠᠪᠠᠵᠢᠷᠭᠠᠯ ᠂ 8-9 ᠳ᠋ᠤᠭᠡᠷ ᠠᠩᠭᠢ ᠶᠢᠨ ᠠᠩᠭᠢᠯᠠᠯ ᠳᠤ ᠮᠥᠨ ᠰᠠᠩᠲᠤᠮᠠᠷᠭᠠᠵᠠ ᠰᠤᠮᠤ ᠶᠢᠨ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠶᠢᠨ 9а ᠠᠩᠭᠢ ᠶ᠋ᠢᠨ ᠰᠤᠷᠤᠭ᠌ᠴᠢ ᠪ ∙ ᠡᠨᠡᠷᠢᠯᠪᠢᠯᠢᠭᠦᠨ ᠲᠡᠷᠢᠭᠦᠯᠡᠭ᠍ᠰᠡᠨ ᠪᠡᠢᠨ᠎ᠡ ᠃



