ᠪ ∙ ᠶᠠᠪᠤᠭᠤᠯᠠᠩ ᠤᠨ ᠨᠡᠷᠡᠮᠵᠢᠲᠦ 《 ᠮᠥᠩᠭᠥᠨ ᠬᠠᠵᠠᠭᠠᠷ ᠤᠨ ᠴᠢᠮᠡᠭᠡ 》 ᠨᠠᠭᠠᠳᠤᠮ ᠪᠣᠯᠤᠨ᠎ᠠ | News.MN

ᠪ ∙ ᠶᠠᠪᠤᠭᠤᠯᠠᠩ ᠤᠨ ᠨᠡᠷᠡᠮᠵᠢᠲᠦ 《 ᠮᠥᠩᠭᠥᠨ ᠬᠠᠵᠠᠭᠠᠷ ᠤᠨ ᠴᠢᠮᠡᠭᠡ 》 ᠨᠠᠭᠠᠳᠤᠮ ᠪᠣᠯᠤᠨ᠎ᠠ

ᠳᠣᠷᠣᠨ᠎ᠠ ᠶᠢᠨ ᠶᠡᠭᠡ ᠢᠷᠠᠭᠤ ᠨᠠᠢᠷᠠᠭ᠌ᠴᠢ ᠪ ∙ ᠶᠠᠪᠤᠭᠤᠯᠠᠩ  ᠤᠨ ᠨᠡᠷᠡᠮᠵᠢᠲᠦ 《 ᠮᠥᠩᠭᠥᠨ ᠬᠠᠵᠠᠭᠠᠷ ᠤᠨ ᠴᠢᠮᠡᠭᠡ 》 ᠢᠷᠠᠭᠤ ᠨᠠᠢᠷᠠᠭ ᠤᠨ ᠠᠩᠬᠠᠳᠤᠭᠠᠷ ᠨᠠᠭᠠᠳᠤᠮ ᠢ ᠲᠠᠪᠤᠳᠤᠭᠠᠷ ᠰᠠᠷ᠎ᠠ ᠶᠢᠨ 10  ᠳᠤ ᠵᠣᠬᠢᠶᠠᠨ ᠪᠠᠢᠭᠤᠯᠤᠨ᠎ᠠ ᠃ ᠡᠨᠡ ᠬᠦ ᠤᠷᠤᠯᠳᠤᠭᠠᠨ ᠨᠢ ᠪ ∙ ᠶᠠᠪᠤᠭᠤᠯᠠᠩ  ᠤᠨ ᠤᠷᠠᠨ ᠪᠦᠲᠦᠭᠡᠯ ᠢ ᠠᠯᠳᠠᠷᠰᠢᠭᠤᠯᠬᠤ ᠂ ᠥᠪᠯᠡᠭᠦᠯᠤᠨ ᠦᠯᠡᠳᠡᠭᠡᠬᠦ ᠂ ᠤᠳᠬ᠎ᠠ ᠵᠣᠬᠢᠶᠠᠯ ᠤᠨ ᠬᠥᠭ᠍ᠵᠢᠯ ᠢ ᠳᠡᠮᠵᠢᠬᠦ ᠂ ᠰᠢᠯᠢᠳᠡᠭ ᠢᠷᠠᠭᠤ ᠨᠠᠢᠷᠠᠭ᠌ᠴᠢ ᠶᠢ ᠲᠣᠳᠣᠷᠠᠭᠤᠯᠬᠤ ᠂ ᠤᠷᠠᠨ ᠪᠦᠲᠦᠭᠡᠯᠴᠢᠳ ᠬᠠᠷᠢᠯᠴᠠᠨ ᠲᠤᠷᠰᠢᠯᠭ᠎ᠠ ᠰᠣᠯᠢᠯᠴᠠᠬᠤ ᠂ ᠢᠷᠠᠭᠤ ᠨᠠᠢᠷᠠᠭ ᠤᠨ ᠰᠢᠨ᠎ᠡ ᠥᠩᠭᠡ ᠲᠥᠷᠬᠦ ᠶᠢ ᠨᠡᠭᠡᠭᠡᠨ ᠢᠯᠡᠷᠡᠭᠦᠯᠬᠦ ᠂ ᠰᠤᠶᠦᠯ ᠂ ᠤᠳᠬ᠎ᠠ ᠵᠣᠬᠢᠶᠠᠯ ᠤᠨ ᠥᠪ ᠢ ᠣᠯᠠᠨ ᠨᠡᠢᠲᠡ ᠳ᠋ᠤ ᠰᠤᠷᠲᠠᠯᠴᠢᠯᠠᠨ ᠲᠠᠨᠢᠭᠤᠯᠬᠤ ᠵᠣᠷᠢᠯᠭ᠎ᠠ ᠲᠠᠢ ᠶᠤᠮ ᠃

ᠬᠡᠪᠯᠡᠯ ᠤᠨ ᠬᠤᠷᠠᠯ ᠤᠨ ᠦᠶ᠎ᠡ ᠪᠠᠷ 《 ᠶᠠᠪᠤᠭᠤᠯᠠᠩ》 ᠰᠠᠩ ᠤᠨ ᠲᠡᠷᠢᠬᠦᠠ ᠡ᠊᠎∙ ᠴᠢᠩᠵᠣᠷᠢᠭ᠄ ᠡᠨᠡᠬᠦ ᠨᠠᠭᠠᠳᠤᠮ ᠨᠢ ᠮᠢᠨᠦ ᠡᠪᠦᠭᠡ ᠶᠠᠪᠤᠭᠤᠯᠠᠩ  ᠤᠨ ᠨᠡᠷᠡᠮᠵᠢᠲᠦ ᠪᠥᠭᠡᠳ ᠮᠣᠩᠭᠣᠯ ᠤᠨ ᠪᠦᠬᠦ ᠵᠣᠬᠢᠶᠠᠯᠴᠢ ᠂ ᠢᠷᠠᠭᠤ ᠨᠠᠢᠷᠠᠭ᠌ᠴᠢᠳ ᠢ ᠬᠠᠮᠤᠷᠤᠭᠤᠯᠬᠤ ᠪᠡᠷ ᠵᠣᠷᠢᠵᠤ ᠪᠡᠢᠨ᠎ᠡ ᠃ ᠪᠢᠳᠡ ᠨᠠᠭᠠᠳᠤᠮ ᠢ ᠡᠨᠡ ᠵᠢᠯ ᠤᠯᠤᠰ ᠤᠨ ᠬᠡᠮᠵᠢᠶᠡᠨ ᠳᠤ ᠵᠣᠬᠢᠶᠠᠨ ᠪᠡᠢᠭᠤᠯᠬᠤ ᠪᠠ ᠢᠷᠡᠬᠦ ᠵᠢᠯ ᠳᠤ ᠣᠯᠠᠨ ᠤᠯᠤᠰ ᠤᠨ ᠬᠡᠮᠵᠢᠶᠡᠨ ᠤ ᠦᠢᠯᠡ ᠠᠵᠢᠯᠯᠠᠭ᠎ᠠ ᠪᠣᠯᠭᠠᠨ ᠥᠷᠭᠡᠵᠢᠭᠦᠯᠦᠨ᠎ᠡ ᠃ ᠴᠢᠨᠠᠭᠰᠢᠳᠠ ᠮᠣᠩᠭᠣᠯ ᠲᠤᠭᠤᠷᠭᠠᠲᠠᠨ ᠪᠣᠯᠬᠤ ᠪᠤᠷᠢᠶᠠᠳ᠂ ᠥᠪᠦᠷ ᠮᠣᠩᠭᠣᠯ᠂ ᠲᠤᠸᠠ᠂ ᠬᠠᠯᠢᠮᠠᠭ ᠵᠡᠷᠭᠡ ᠪᠦᠰᠡ ᠨᠤᠲᠤᠭ ᠤᠨ ᠤᠷᠠᠨ ᠪᠦᠲᠦᠭᠡᠯᠴᠢᠳ ᠢ ᠤᠷᠢᠵᠤ ᠣᠷᠣᠯᠴᠠᠭᠤᠯᠬᠤ ᠪᠠᠷ ᠲᠥᠯᠥᠪᠯᠡᠵᠦ ᠪᠡᠢᠢᠨ᠎ᠡ ᠃ ᠡᠨᠡ ᠵᠢᠯ ᠦᠨ ᠨᠠᠭᠠᠳᠤᠮ  ᠳᠤ ᠬᠠᠢᠷ᠎ᠠ ᠶᠢᠨ ᠪᠤᠯᠦᠠ ᠴᠢᠯᠦᠭᠡᠳᠦ ᠰᠡᠳᠦᠪᠲᠤ ᠰᠢᠯᠦᠭ ᠢ ᠬᠦᠯᠢᠶᠡᠨ ᠠᠪᠤᠨ᠎ᠠ ᠭᠡᠪᠡ ᠃

ᠰᠡᠳᠬᠢᠭᠳᠡᠯ ᠦᠯᠡᠳᠡᠭᠡᠬᠦ