Apple Music ᠳᠡᠭᠡᠷ᠎ᠡ ᠮᠣᠩᠭᠣᠯ ᠤᠨ ᠰᠣᠨᠣᠰᠤᠭᠴᠢᠳ ᠶᠠᠮᠠᠷ ᠲᠥᠷᠥᠯ ᠦᠨ ᠳᠠᠭᠤᠤ᠂ ᠤᠷᠠᠨ ᠪᠦᠲᠦᠭᠡᠯ ᠦᠳ ᠢ ᠲᠦᠯᠬᠢᠭᠦᠦ ᠰᠣᠨᠣᠰᠴᠤ ᠪᠠᠢᠭ᠎ᠠ ᠶᠢ ᠬᠠᠮᠲᠤ ᠳᠤ ᠪᠠᠨ ᠰᠣᠨᠢᠷᠬᠠᠵᠠᠭᠠᠶᠠ᠃
- ᠣᠳᠣ ᠪᠠᠷ Apple Music ᠦᠨ ᠮᠣᠩᠭᠣᠯ ᠳ᠋ᠡᠬᠢ ᠴᠠᠷᠲ ᠲᠤ ᠲᠡᠷᠢᠭᠦᠯᠡᠵᠦ ᠪᠤᠢ 《Dracula (JENNIE Remix)》 ᠳᠠᠭᠤᠤ ᠨᠢ Tame Impala ᠪᠣᠯᠤᠨ JENNIE ᠨᠠᠷ ᠤᠨ ᠬᠠᠮᠲᠤ ᠶᠢᠨ ᠪᠦᠲᠦᠭᠡᠯ ᠪᠥᠭᠡᠳ psychedelic ᠥᠩᠭᠡ ᠠᠶᠠᠰ ᠢ K-pop ᠬᠡᠪ ᠮᠠᠶ᠋ᠢᠭ ᠲᠠᠢ ᠬᠣᠣᠰᠯᠠᠭᠤᠯᠤᠭᠰᠠᠨ ᠢᠶᠠᠷ ᠢᠶᠠᠨ ᠰᠣᠨᠣᠰᠤᠭᠴᠢᠳ ᠤᠨ ᠠᠩᠬᠠᠷᠤᠯ ᠢ ᠶᠡᠬᠡ ᠪᠡᠷ ᠲᠠᠲᠠᠵᠤ ᠪᠠᠢᠨ᠎ᠠ᠃
2.《SWIM》 ᠳᠠᠭᠤᠤ ᠨᠢ BTS ᠬᠠᠮᠲᠤᠯᠢᠭ ᠤᠨ ᠤᠷᠠᠨ ᠪᠦᠲᠦᠭᠡᠯ ᠪᠥᠭᠡᠳ ᠰᠠᠴᠤᠭᠳᠠᠭᠠᠳ ᠭᠤᠷᠪᠠᠬᠠᠨ ᠳᠣᠯᠣᠭ᠎ᠠ ᠬᠣᠨᠣᠭ ᠪᠣᠯᠤᠭᠰᠠᠨ ᠴᠤ ᠠᠯᠢ ᠬᠡᠳᠦᠢᠨ ᠹᠧᠨ ᠨᠦᠭᠦᠳ ᠦᠨ ᠳᠠᠪᠲᠠᠨ ᠰᠤᠨᠤᠰᠬᠤ ᠳᠤᠷᠠᠲᠠᠢ ᠳᠠᠭᠤᠨ ᠤ ᠨᠢᠭᠡ ᠪᠣᠯᠵᠠᠢ᠃
3.《Raindance》 ᠳᠠᠭᠤᠤ ᠨᠢ Dave ᠪᠣᠯᠤᠨ Tems ᠨᠠᠷ ᠤᠨ ᠬᠠᠮᠲᠤᠷᠠᠭᠰᠠᠨ ᠪᠦᠲᠦᠭᠡᠯ ᠪᠥᠭᠡᠳ UK ᠷᠧᠫ ᠪᠣᠯᠤᠨ R᠊B ᠬᠡᠪ ᠮᠠᠶ᠋ᠢᠭ ᠢ ᠬᠣᠣᠰᠯᠠᠭᠤᠯᠤᠭᠰᠠᠨ᠂ ᠭᠦᠨ ᠮᠡᠳᠡᠷᠡᠮᠵᠢ ᠲᠥᠷᠦᠭᠦᠯᠳᠡᠭ ᠠᠶᠠᠯᠭᠤ ᠲᠠᠢ ᠭᠡᠳᠡᠭ ᠢᠶᠡᠷ ᠢᠶᠡᠨ ᠣᠨᠴᠠᠯᠢᠭ ᠲᠠᠢ᠃
- 《YUKON》 ᠳᠠᠭᠤᠤ ᠪᠠᠷ Justin Bieber ᠢᠯᠡᠭᠦᠦ ᠲᠠᠢᠪᠤᠩ᠂ ᠮᠢᠨᠢᠮᠠᠯ ᠥᠩᠭᠡ ᠲᠥᠷᠬᠥ ᠪᠡᠨ ᠢᠯᠡᠷᠬᠡᠢᠯᠡᠭᠰᠡᠨ ᠪᠠᠢᠨ᠎ᠠ᠃
- 《ᠪᠣᠳᠣᠯ ᠤᠨ ᠭᠦᠨ ᠡᠴᠡ》 ᠳᠠᠭᠤᠤ ᠨᠢ mxrningstar ᠤᠨ ᠪᠦᠲᠦᠭᠡᠯ ᠪᠥᠭᠡᠳ ᠳᠣᠲᠣᠭᠠᠳᠤ ᠰᠡᠳᠬᠢᠯ ᠦᠨ ᠭᠦᠨ ᠮᠡᠳᠡᠷᠡᠮᠵᠢ ᠶᠢ ᠢᠯᠡᠷᠬᠡᠢᠢᠯᠡᠭ᠍ᠰᠡᠨ ᠠᠯᠲ᠋ᠧᠷᠨᠠᠲ᠋ᠢᠸ ᠥᠩᠭᠡ ᠠᠶᠠᠰ᠂ ᠥᠪᠡᠷᠮᠢᠴᠡ ᠨᠠᠢᠷᠠᠭᠤᠯᠭ᠎ᠠ ᠪᠠᠷ ᠢᠶᠠᠨ ᠵᠠᠯᠠᠭᠤᠰ ᠤᠨ ᠳᠤᠮᠳᠠ ᠶᠡᠬᠡ ᠪᠡᠷ ᠳᠡᠯᠭᠡᠷᠡᠵᠦ ᠪᠠᠢᠨ᠎ᠠ᠃
- 《hun (feat. Céline Dessberg)》 ᠳᠠᠭᠤᠤ ᠨᠢ mxrningstar ᠦᠨ ᠠᠲᠮᠣᠰᠹᠧᠷᠢᠺ᠂ dreamy ᠬᠡᠪ ᠮᠠᠶ᠋ᠢᠭ ᠲᠠᠢ ᠪᠦᠲᠦᠭᠡᠯ ᠪᠥᠭᠡᠳ Céline Dessberg ᠦᠨ ᠣᠷᠣᠯᠴᠠᠭ᠎ᠠ ᠲᠠᠢ ᠪᠠᠷ ᠢᠯᠡᠭᠦᠦ ᠥᠪᠡᠷᠮᠢᠴᠡ᠂ ᠣᠨᠴᠠᠭᠠᠢ ᠬᠡᠪ ᠮᠠᠶ᠋ᠢᠭ ᠲᠠᠢ ᠪᠣᠯᠵᠠᠢ᠃
- 《Rich Mongol》 ᠳᠠᠭᠤᠤ ᠶᠢ MagGod Ginjin ᠪᠣᠯᠤᠨ Cili ᠨᠠᠷ ᠲᠠᠢ ᠬᠠᠮᠲᠤᠷᠠᠨ ᠪᠦᠲᠦᠭᠡᠵᠡᠢ᠃
- 《6X6》 ᠳᠠᠭᠤᠤ ᠨᠢ The Royal Heartaches ᠬᠠᠮᠲᠤᠯᠢᠭ ᠤᠨ ᠠᠯᠲ᠋ᠧᠷᠨᠠᠲ᠋ᠢᠸ ᠷᠣᠺ ᠪᠦᠲᠦᠭᠡᠯ ᠪᠥᠭᠡᠳ ᠠᠩᠬ᠎ᠠ ᠰᠠᠴᠤᠭᠳᠠᠭᠰᠠᠨ ᠴᠠᠭ ᠠᠴᠠ ᠪᠠᠨ ᠬᠣᠢᠰᠢ ᠣᠳᠣ ᠶᠢ ᠬᠦᠷᠲᠡᠯ᠎ᠡ ᠵᠠᠯᠠᠭᠤᠰ ᠤᠨ ᠳᠤᠷᠠᠲᠠᠢ ᠤᠷᠠᠨ ᠪᠦᠲᠦᠭᠡᠯ ᠬᠡᠪ ᠢᠶᠡᠷ ᠪᠠᠢᠨ᠎ᠠ᠃
- 《So Easy (To Fall In Love)》 ᠳᠠᠭᠤᠤ ᠶᠢ Olivia Dean ᠳᠠᠭᠤᠯᠠᠭᠰᠠᠨ ᠪᠥᠭᠡᠳ ᠵᠥᠭᠡᠯᠡᠨ᠂ ᠷᠣᠮᠠᠨᠲ᠋ᠢᠭ R᠊B ᠮᠡᠳᠡᠷᠡᠮᠵᠢ ᠶᠢ ᠢᠯᠡᠷᠬᠡᠢᠯᠡᠳᠡᠭ᠃
10《Ce Soir》 ᠳᠠᠭᠤᠤ ᠨᠢ MAD Suey Records ᠦᠨ ᠤᠷᠠᠨ ᠪᠦᠲᠦᠭᠡᠯ ᠪᠥᠭᠡᠳ YouTube ᠫᠯᠠᠲ᠋ᠹᠣᠷᠮ ᠳᠡᠭᠡᠷ᠎ᠡ ᠨᠡᠢᠲᠡ 6.1 ᠰᠠᠶ᠎ᠠ ᠣᠷᠴᠢᠮ ᠬᠠᠨᠳᠤᠯᠲᠠ ᠠᠪᠴᠠᠢ᠃



