ᠵᠠᠮ ᠲᠡᠭᠡᠭᠡᠪᠦᠷᠢ ᠶᠢᠨ ᠣᠰᠣᠯ  ᠢᠶᠠᠷ 78 ᠬᠦᠮᠦᠨ ᠨᠠᠰᠤ ᠪᠠᠷᠠᠵᠠᠢ | News.MN

ᠵᠠᠮ ᠲᠡᠭᠡᠭᠡᠪᠦᠷᠢ ᠶᠢᠨ ᠣᠰᠣᠯ  ᠢᠶᠠᠷ 78 ᠬᠦᠮᠦᠨ ᠨᠠᠰᠤ ᠪᠠᠷᠠᠵᠠᠢ

ᠡᠨᠡ ᠰᠠᠷ᠎ᠠ ᠶᠢᠨ 10 ᠤ ᠡᠳᠦᠷ ᠬᠡᠨᠲᠡᠢ ᠠᠢᠮᠠᠭ ᠤᠨ ᠵᠢᠷᠭᠠᠯᠲᠤᠬᠠᠨ ᠰᠤᠮᠤ ᠶᠢᠨ ᠨᠤᠲᠤᠭ ᠲᠤ ᠳᠡᠪᠢᠰᠬᠡᠷ ᠲᠦ ᠵᠠᠮ ᠲᠡᠭᠡᠭᠡᠪᠦᠷᠢ ᠶᠢᠨ ᠣᠰᠣᠯ ᠭᠠᠷᠴᠤ᠂ ᠭᠤᠷᠪᠠᠨ ᠲᠣᠮᠣ ᠬᠦᠮᠦᠨ ᠭᠤᠷᠪᠠᠨ ᠬᠡᠦᠬᠡᠳ ᠨᠠᠰᠤ ᠪᠠᠷᠠᠭᠰᠠᠨ᠃ ᠲᠣᠳᠣᠷᠠᠭᠤᠯᠪᠠᠯ᠂ ᠲᠣᠮᠣ ᠣᠪᠣᠷ ᠤᠨ ᠠᠦ᠋ᠲ᠋ᠣᠪᠦ᠋ᠰ Harrier ᠮᠠᠷᠺ ᠤᠨ ᠮᠠᠰᠢᠨ ᠲᠡᠷᠭᠡ ᠲᠠᠢ ᠮᠥᠷᠭᠥᠯᠳᠦᠵᠦ Harrier ᠮᠠᠷᠺ ᠤᠨ ᠮᠠᠰᠢᠨ ᠳᠤ ᠵᠣᠷᠴᠢᠵᠤ ᠶᠠᠪᠤᠭᠰᠠᠨ ᠬᠣᠶᠠᠷ ᠲᠣᠮᠣ ᠬᠦᠮᠦᠨ ᠭᠤᠷᠪᠠᠨ ᠬᠡᠦᠬᠡᠳ᠂ ᠠᠦ᠋ᠲ᠋ᠣᠪᠦ᠋ᠰ  ᠲᠤ ᠰᠠᠭᠤᠵᠤ ᠪᠠᠢᠭ᠌ᠰᠠᠨ ᠢᠷᠭᠡᠳ ᠡᠴᠡ ᠨᠢᠭᠡ ᠲᠣᠮᠣ ᠬᠦᠮᠦᠨ ᠠᠮᠢ ᠪᠠᠨ ᠠᠯᠳᠠᠵᠠᠢ᠃

ᠡᠨᠡ ᠣᠨ ᠤ ᠨᠢᠭᠡᠳᠦᠭᠡᠷ ᠤᠯᠠᠷᠢᠯ ᠤᠨ ᠪᠠᠢᠳᠠᠯ ᠢᠶᠠᠷ ᠤᠯᠤᠰ ᠤᠨ ᠬᠡᠮᠵᠢᠶᠡᠨ ᠳᠦ 32 ᠮᠢᠩᠭ᠎ᠠ ᠭᠠᠷᠤᠢ ᠵᠠᠮ ᠲᠡᠭᠡᠭᠡᠪᠦᠷᠢ ᠶᠢᠨ ᠣᠰᠣᠯ ᠤᠨ ᠳᠠᠭᠤᠳᠠᠯᠭ᠎ᠠ ᠮᠡᠳᠡᠭᠡᠯᠡᠯ ᠴᠠᠭᠳᠠᠭ᠎ᠠ ᠶᠢᠨ ᠪᠠᠢᠭᠤᠯᠤᠯᠭ᠎ᠠ ᠳᠤ ᠪᠦᠷᠢᠳᠬᠡᠭᠳᠡᠭᠰᠡᠨ ᠪᠠᠢᠨ᠎ᠠ᠃  ᠡᠭᠦᠨ ᠳᠦ ᠵᠠᠮ ᠲᠡᠭᠡᠭᠡᠪᠦᠷᠢ ᠶᠢᠨ ᠣᠰᠣᠯ ᠤᠨ ᠤᠯᠠᠮ ᠠᠴᠠ 78 ᠬᠦᠮᠦᠨ ᠨᠠᠰᠤ ᠪᠠᠷᠠᠵᠠᠢ᠃

ᠰᠡᠳᠬᠢᠭᠳᠡᠯ ᠦᠯᠡᠳᠡᠭᠡᠬᠦ