ᠣᠩᠭᠣᠯ ᠤᠯᠤᠰ ᠤᠨ ᠳᠡᠭᠡᠳᠦ ᠪᠣᠯᠪᠠᠰᠤᠷᠠᠯ ᠤᠨ ᠰᠤᠷᠭᠠᠯᠲᠠ ᠶᠢᠨ ᠪᠠᠢᠭᠤᠯᠤᠯᠭ᠎ᠠ ᠳᠤ ᠡᠯᠰᠡᠨ ᠰᠤᠷᠤᠯᠴᠠᠭᠴᠢᠳ ᠤᠨ ᠡᠬᠡ ᠬᠡᠯᠡᠨ ᠦ ᠪᠣᠯᠪᠠᠰᠤᠷᠠᠯ ᠤᠨ ᠴᠢᠨᠠᠷ᠂ ᠬᠡᠷᠡᠭᠯᠡᠭᠡ᠂ ᠬᠠᠷᠢᠯᠴᠠᠭᠠᠨ ᠤ ᠰᠤᠶᠤᠯ᠂ ᠬᠡᠯᠡᠨ ᠦ ᠳᠠᠷᠬᠠᠯᠠᠭᠠᠨ ᠤ ᠲᠦᠪᠰᠢᠨ ᠢ ᠦᠨᠡᠯᠡᠬᠦ ᠵᠣᠷᠢᠯᠭ᠎ᠠ ᠪᠠᠷ ᠮᠣᠩᠭᠣᠯ ᠬᠡᠯᠡ ᠪᠢᠴᠢᠭ ᠦᠨ ᠰᠢᠯᠭᠠᠯᠲᠠ ᠶᠢ ᠤᠯᠤᠰ ᠣᠷᠣᠨ ᠳᠠᠶᠠᠭᠠᠷ ᠳᠥᠷᠪᠡᠳᠦᠭᠡᠷ ᠰᠠᠷ᠎ᠠ ᠶᠢᠨ 9᠂ 10 ᠤ ᠡᠳᠦᠷ ᠦᠳ ᠲᠦ ᠵᠣᠬᠢᠶᠠᠨ ᠪᠠᠢᠭᠤᠯᠤᠯ᠎ᠠ᠃
ᠡᠨᠡ ᠵᠢᠯ ᠦᠨ ᠰᠢᠯᠭᠠᠯᠲᠠ ᠶᠢᠨ 12 ᠳ᠋ᠤᠭᠠᠷ ᠠᠩᠬᠢ ᠶᠢᠨ 《ᠠ》᠂ 《ᠪ》 ᠬᠤᠪᠢᠯᠪᠤᠷᠢ ᠳᠤ ᠲᠥᠷᠥ ᠶᠢᠨ ᠱᠠᠩᠨᠠᠯᠲᠤ ᠵᠣᠬᠢᠶᠠᠯᠴᠢ ᠼ ∙ ᠳᠣᠷᠵᠢᠭᠣᠲᠤᠪ ᠤᠨ 《ᠨᠣᠬᠠᠢ ᠭᠡᠷ ᠲᠦ ᠬᠦᠮᠦᠨ ᠤᠷᠠᠳᠠᠭ ᠦᠭᠡᠢ》 ᠥᠭᠦᠯᠡᠯᠭᠡ ᠡᠬᠡ ᠵᠣᠬᠢᠶᠠᠯ ᠢᠶᠠᠷ ᠣᠷᠣᠵᠤ ᠢᠷᠡᠭᠰᠡᠨ ᠨᠢ ᠣᠯᠠᠨ ᠨᠡᠢᠲᠡ ᠶᠢᠨ ᠰᠢᠭᠦᠮᠵᠢᠯᠡᠯ ᠢ ᠳᠠᠭᠠᠭᠤᠯᠤᠭᠠᠳ ᠪᠠᠢᠨ᠎ᠠ᠃ ᠪᠠᠭᠰᠢ᠂ ᠰᠤᠷᠤᠭᠴᠢ᠂ ᠡᠴᠢᠭᠡ ᠡᠬᠡᠴᠦᠳ ᠲᠤᠰ ᠵᠣᠬᠢᠶᠠᠯ ᠢ 《ᠨᠢᠭᠤᠴᠠ ᠠᠮᠠᠷᠠᠭ》 ᠦᠨ ᠰᠡᠳᠦᠪ ᠲᠡᠢ ᠭᠡᠵᠦ ᠦᠵᠡᠭᠡᠳ᠂ ᠵᠣᠬᠢᠶᠠᠯ ᠤᠨ ᠠᠭᠤᠯᠭ᠎ᠠ ᠨᠢ ᠰᠤᠷᠤᠭᠴᠢᠳ ᠤᠨ ᠨᠠᠰᠤ᠂ ᠰᠡᠳᠬᠢᠬᠦᠢ ᠳᠦ ᠲᠣᠬᠢᠷᠠᠭ᠎ᠠ ᠦᠭᠡᠢ ᠪᠠᠢᠵᠤ ᠪᠣᠯᠵᠣᠰᠢ ᠦᠭᠡᠢ ᠭᠡᠵᠦ ᠦᠵᠡᠵᠦ ᠪᠠᠢᠭ᠎ᠠ᠃ ᠡᠭᠦᠨ ᠢ ᠪᠣᠯᠪᠠᠰᠤᠷᠠᠯ ᠤᠨ ᠶᠠᠮᠤᠨ ᠤ ᠰᠠᠢᠳ ᠯ ∙ ᠡᠩᠬᠡ-ᠠᠮᠤᠭᠤᠯᠠᠩ ᠴᠤ ᠬᠦᠯᠢᠶᠡᠨ ᠵᠥᠪᠰᠢᠶᠡᠷᠡᠵᠦ᠂ ᠠᠵᠢᠯ ᠤᠨ ᠬᠡᠰᠡᠭ ᠭᠠᠷᠭᠠᠬᠤ ᠪᠣᠯᠤᠭᠰᠠᠨ ᠲᠤᠬᠠᠢ ᠮᠡᠳᠡᠭᠳᠡᠭᠰᠡᠨ᠃
ᠲᠡᠭᠡᠪᠡᠯ ᠪᠣᠯᠪᠠᠰᠤᠷᠠᠯ ᠤᠨ ᠦᠨᠡᠯᠡᠭᠡᠨ ᠦ ᠲᠥᠪ ᠤᠭ ᠠᠰᠠᠭᠤᠳᠠᠯ ᠲᠠᠢ ᠬᠣᠯᠪᠣᠭᠠᠲᠠᠢ ᠪᠠᠷ ᠮᠡᠳᠡᠭᠳᠡᠯ ᠭᠠᠷᠭᠠᠯ᠎ᠠ᠃ ᠲᠤᠰ ᠮᠡᠳᠡᠭᠳᠡᠯ ᠳᠦ᠄ ᠲᠤᠭᠵᠠᠪ ᠤᠨ ᠳᠦᠷᠢ ᠶᠢ ᠨᠣᠬᠠᠢ ᠶᠢᠨ ᠳᠦᠷᠢ ᠲᠡᠢ ᠵᠡᠷᠭᠡᠴᠡᠭᠦᠯᠦᠨ ᠪᠡᠯᠭᠡᠳᠡᠯᠲᠦ ᠮᠠᠶ᠋ᠢᠭ ᠢᠶᠠᠷ ᠦᠵᠡᠭᠦᠯᠦᠭᠰᠡᠨ᠂ ᠮᠣᠷᠢ ᠶᠢ ᠨᠢ ᠪᠣᠷᠣᠭ ᠲᠡᠳᠦᠢ ᠶᠡᠬᠡ ᠰᠠᠩᠭᠠᠷᠠᠨ ᠮᠠᠯᠠᠭᠠᠢ ᠶᠢ ᠪᠠᠨ ᠡᠮᠦᠰᠴᠦ ᠬᠦᠨᠡᠢᠷᠬᠡᠦ ᠪᠠᠢᠳᠠᠯ ᠢᠶᠠᠷ ᠴᠣᠮᠴᠣᠢᠨ ᠰᠠᠭᠤᠵᠤ ᠪᠠᠢᠭ᠎ᠠ ᠲᠤᠭᠵᠠᠪ ᠨᠢ ᠭᠡᠷ ᠡᠴᠡ ᠰᠡᠭᠦᠯ ᠢᠶᠡᠨ ᠬᠠᠪᠴᠢᠨ ᠭᠠᠷᠴᠤ ᠪᠤᠢ ᠨᠣᠬᠠᠢ ᠰᠢᠭ᠋ ᠯᠠ ᠶᠤᠮ ᠭᠡᠳᠡᠭ ᠢ ᠬᠠᠷᠠᠭᠤᠯᠤᠭᠰᠠᠨ ᠪᠥᠭᠡᠳ ᠬᠦᠮᠦᠨ ᠦ ᠵᠥᠪ ᠢᠶᠡᠷ ᠤᠬᠠᠭᠠᠷᠠᠬᠤ ᠨᠢ ᠠᠮᠢᠳᠤᠷᠠᠯ ᠳᠤ ᠬᠥᠯ ᠲᠠᠯᠪᠢᠵᠤ ᠪᠤᠢ ᠬᠦᠮᠦᠨ ᠪᠦᠬᠦᠨ ᠳᠦ ᠰᠤᠷᠭᠠᠮᠵᠢ ᠲᠠᠢ ᠠᠭᠠᠳ ᠥᠪᠡᠷ ᠢᠶᠡᠨ ᠥᠪᠡᠷᠲᠡᠭᠡᠨ ᠡᠵᠡᠨ ᠪᠠᠢᠵᠤ᠂ ᠠᠮᠢᠳᠤᠷᠠᠯ ᠳᠤ ᠥᠪᠡᠷ ᠦᠨ ᠪᠠᠢᠬᠤ ᠶᠣᠰᠣᠲᠠᠢ ᠭᠠᠵᠠᠷ ᠢᠶᠠᠨ᠂ ᠪᠠᠢᠬᠤ ᠶᠣᠰᠣᠲᠠᠢ ᠴᠠᠭ ᠲᠤ ᠪᠠᠨ ᠪᠠᠢᠵᠤ ᠭᠡᠮᠡᠨ᠎ᠡ ᠰᠠᠶᠢ ᠲᠡᠷᠡ ᠥᠪᠡᠷ ᠦᠨ ᠭᠡᠷ ᠪᠦᠯᠢ᠂ ᠠᠮᠢᠳᠤᠷᠠᠯ᠂ ᠠᠵᠢᠯ᠂ ᠨᠡᠢᠭᠡᠮ ᠬᠠᠮᠲᠤ ᠣᠯᠠᠨ ᠴᠢᠨᠠᠭᠰᠢᠯᠠᠭᠠᠳ ᠤᠯᠤᠰ ᠣᠷᠣᠨ᠂ ᠡᠬᠡ ᠳᠡᠯᠡᠬᠡᠢ ᠶᠢᠨ ᠢᠶᠡᠨ ᠡᠵᠡᠨ ᠨᠢ ᠪᠠᠢᠬᠤ ᠶᠤᠮ ᠭᠡᠳᠡᠭ ᠢ ᠰᠠᠨᠠᠭᠤᠯᠤᠭᠰᠠᠨ ᠤᠳᠬ᠎ᠠ ᠪᠦᠬᠦᠢ ᠵᠣᠬᠢᠶᠠᠯ ᠶᠤᠮ ᠭᠡᠵᠡᠢ᠃



