ᠱᠠᠰᠢᠨ ᠰᠤᠶᠤᠯ ᠤᠨ 700 ᠭᠠᠷᠤᠢ ᠳᠤᠷᠠᠰᠬᠠᠯ ᠢ ᠳᠡᠯᠭᠡᠯ᠎ᠡ | News.MN

ᠱᠠᠰᠢᠨ ᠰᠤᠶᠤᠯ ᠤᠨ 700 ᠭᠠᠷᠤᠢ ᠳᠤᠷᠠᠰᠬᠠᠯ ᠢ ᠳᠡᠯᠭᠡᠯ᠎ᠡ

ᠰᠤᠳᠤᠯᠤᠭᠠᠴᠢ᠂ ᠴᠤᠭᠯᠠᠭᠤᠯᠤᠭᠴᠢ ᠼ ∙ ᠪᠠᠲᠤᠰᠠᠢᠬᠠᠨ ᠤ 《ᠮᠣᠩᠭᠣᠯ ᠤᠨ ᠱᠠᠰᠢᠨ ᠰᠤᠶᠤᠯ ᠤᠨ ᠥᠪ ᠳᠤᠷᠠᠰᠬᠠᠯ》 ᠴᠤᠭᠯᠠᠭᠤᠯᠭ᠎ᠠ ᠶᠢᠨ ᠦᠵᠡᠰᠬᠦᠯᠡᠩ ᠭ ∙ ᠵᠠᠨᠠᠪᠠᠽᠠᠷ ᠤᠨ ᠨᠡᠷᠡᠮᠵᠢᠲᠦ ᠳᠦᠷᠰᠦᠯᠡᠬᠦ ᠤᠷᠠᠯᠢᠭ ᠤᠨ ᠮᠦᠽᠧᠢ ᠳᠦ4 ᠰᠠᠷ᠎ᠠ ᠶᠢᠨ10 ᠳᠦ ᠨᠡᠭᠡᠭᠡᠯᠲᠡ ᠪᠡᠨ ᠬᠢᠪᠡ᠃ ᠲᠡᠷᠡᠪᠡᠷ 70 ᠣᠷᠴᠢᠮ ᠵᠢᠯ ᠦᠨ ᠲᠤᠷᠰᠢ ᠱᠠᠰᠢᠨ᠂ ᠰᠤᠶᠤᠯ ᠢ ᠦᠭᠡᠢᠢᠰᠭᠡᠵᠦ ᠢᠷᠡᠭᠰᠡᠨ ᠲᠡᠦᠬᠡᠨ ᠴᠠᠭ ᠦᠶ᠎ᠡ ᠶᠢᠨ ᠳᠠᠷᠠᠭ᠎ᠠ ᠬᠣᠪᠣᠷᠳᠠᠵᠤ ᠡᠬᠢᠯᠡᠭᠰᠡᠨ ᠪᠤᠷᠬᠠᠨ ᠤ ᠱᠠᠰᠢᠨ ᠤ ᠬᠣᠯᠪᠣᠭᠳᠠᠯ ᠲᠠᠢ ᠡᠳ᠋ ᠵᠦᠢᠯᠡᠰ ᠢ ᠣᠯᠠᠨ ᠵᠢᠯ ᠦᠨ ᠲᠤᠷᠰᠢ ᠴᠤᠭᠯᠠᠭᠤᠯᠵᠠᠢ᠃

ᠦᠵᠡᠰᠬᠦᠯᠡᠩ ᠳᠦ ᠮᠣᠩᠭᠣᠯ ᠤᠨ ᠱᠠᠰᠢᠨ᠂ ᠰᠤᠶᠤᠯ ᠲᠠᠢ ᠬᠣᠯᠪᠣᠭ᠎ᠠ ᠲᠠᠢ ᠰᠢᠲᠦᠭᠡᠨ ᠤᠷᠠᠨ ᠵᠢᠷᠤᠭ᠂ ᠵᠠᠩ ᠦᠢᠯᠡ ᠳᠦ ᠵᠣᠷᠢᠭᠤᠯᠤᠭᠰᠠᠨ ᠮᠣᠩᠭᠣᠯ ᠵᠢᠷᠤᠭ᠂ ᠮᠣᠳᠣᠨ ᠪᠠᠷᠰ ᠤᠨ ᠬᠡᠪᠯᠡᠮᠡᠯ ᠪᠦᠲᠦᠭᠡᠯ᠂ ᠪᠤᠷᠬᠠᠨ ᠤ ᠤᠷᠠᠨ ᠪᠠᠷᠢᠮᠠᠯ ᠵᠡᠷᠭᠡ 700 ᠭᠠᠷᠤᠢ ᠬᠣᠪᠣᠷ ᠦᠵᠡᠮᠦᠷᠢ ᠶᠢ  ᠪᠠᠭᠲᠠᠭᠠᠵᠠᠢ᠃

ᠨᠡᠭᠡᠭᠡᠯᠲᠡ ᠶᠢᠨ ᠦᠶ᠎ᠡ ᠪᠡᠷ ᠼ ∙ ᠪᠠᠲᠤᠰᠠᠢᠬᠠᠨ᠄ ᠮᠣᠩᠭᠣᠯ ᠳᠤ ᠱᠠᠰᠢᠨ ᠭᠤᠷᠪᠠᠨ ᠤᠳᠠᠭ᠎ᠠ ᠳᠡᠯᠭᠡᠷᠡᠭᠰᠡᠨ ᠭᠡᠵᠦ ᠦᠵᠡᠳᠡᠭ᠃  ᠾᠦᠩᠨᠤ ᠶᠢᠨ ᠦᠶ᠎ᠡ᠂ ᠠᠷᠪᠠᠨ ᠭᠤᠷᠪᠠᠳᠤᠭᠠᠷ ᠵᠠᠭᠤᠨ᠂ ᠠᠷᠪᠠᠨ ᠳᠣᠯᠣᠳᠤᠭᠠᠷ ᠵᠠᠭᠤᠨ ᠳᠤ ᠳᠡᠯᠭᠡᠷᠡᠵᠦ ᠪᠠᠢᠭᠰᠠᠨ ᠪᠣᠯ ᠬᠣᠷᠢᠳᠤᠭᠠᠷ ᠵᠠᠭᠤᠨ ᠳᠤ ᠲᠣᠳᠣᠷᠬᠠᠢ ᠬᠤᠭᠤᠴᠠᠭᠠᠨ ᠳᠤ ᠲᠠᠰᠤᠯᠳᠠᠭᠰᠠᠨ᠃ ᠬᠠᠷᠢᠨ 2000 ᠣᠨ ᠠᠴᠠ ᠬᠣᠢᠰᠢ ᠳᠠᠬᠢᠨ ᠰᠡᠷᠭᠦᠵᠦ᠂ ᠳᠥᠷᠪᠡᠳ᠋ᠡᠬᠢ ᠤᠳᠠᠭ᠎ᠠ ᠪᠠᠨ ᠳᠡᠯᠭᠡᠷᠡᠵᠦ ᠪᠠᠢᠨ᠎ᠠ ᠭᠡᠵᠦ ᠬᠡᠯᠡᠵᠦ ᠪᠣᠯᠤᠨ᠎ᠠ》ᠬᠡᠮᠡᠨ ᠣᠨᠴᠠᠯᠠᠭᠰᠠᠨ ᠶᠤᠮ᠃ ᠦᠵᠡᠰᠬᠦᠯᠡᠩ ᠳᠦ ᠳᠡᠯᠭᠡᠭᠳᠡᠭᠰᠡᠨ ᠪᠦᠲᠦᠭᠡᠯ ᠦᠳ ᠦᠨ ᠵᠠᠷᠢᠮ ᠨᠢ ᠠᠢᠯ ᠡᠷᠦᠬᠡ ᠶᠢᠨ ᠠᠪᠳᠠᠷ᠎ᠠ ᠶᠢᠨ ᠢᠷᠤᠭᠠᠷ ᠠᠴᠠ ᠣᠯᠳᠠᠭᠰᠠᠨ ᠬᠣᠪᠣᠷ ᠳᠤᠷᠠᠰᠬᠠᠯ ᠤᠳ ᠠᠵᠠᠢ᠃

ᠰᠡᠳᠬᠢᠭᠳᠡᠯ ᠦᠯᠡᠳᠡᠭᠡᠬᠦ