ᠨᠠᠷᠠᠨ ᠤ ᠭᠡᠷᠡᠯ ᠢ ᠳᠠᠭᠠᠵᠤ ᠬᠥᠳᠡᠯᠦᠭᠰᠡᠨ ᠢᠶᠡᠷ ᠴᠠᠭ ᠬᠤᠭᠤᠴᠠᠭ᠎ᠠ ᠶᠢ ᠢᠯᠡᠷᠬᠡᠢᠢᠯᠡᠵᠦ ᠪᠤᠢ《ᠤᠬᠠᠮᠰᠠᠷ》ᠪᠦᠲᠦᠭᠡᠯ ᠢ ᠲᠤᠭᠤᠷᠪᠢᠭᠰᠠᠨ᠂ ᠤᠷᠠᠨ ᠪᠠᠷᠢᠮᠠᠯᠴᠢ ᠠ᠊ ∙ᠸᠴᠢᠷᠪᠣᠯᠣᠳ ᠤᠨ《ᠡᠷ᠎ᠡ ᠬᠣᠶᠠᠷ ᠵᠠᠭᠠᠯ》ᠤᠷᠠᠨ ᠪᠦᠲᠦᠭᠡᠯ ᠢ ᠲᠠᠢᠯᠠᠨᠳ᠋ ᠤᠨ ᠬᠠᠭᠠᠨᠲᠤ ᠤᠯᠤᠰ ᠤᠨ ᠨᠡᠢᠰᠯᠡᠯ ᠪᠠᠩᠺᠤᠺ ᠬᠣᠲᠠ ᠶᠢᠨ ᠪᠧᠨᠴᠠᠺᠢᠲ᠋ᠲ᠋ᠢ ᠴᠡᠴᠡᠷᠯᠢᠭᠲᠦ ᠬᠦᠷᠢᠶᠡᠯᠡᠩ ᠳᠦ ᠪᠠᠢᠷᠢᠯᠠᠭᠤᠯᠵᠠᠢ᠃ ᠱᠤᠭᠤᠮᠠᠯ ᠢ《ᠴᠢᠩᠭᠢᠰ ᠦᠨ ᠡᠷ᠎ᠡ ᠬᠣᠶᠠᠷ ᠵᠠᠭᠠᠯ》ᠲᠤᠭᠤᠵᠢ ᠠᠴᠠ ᠰᠡᠳᠦᠪᠯᠡᠨ ᠪᠦᠲᠦᠭᠡᠭᠰᠡᠨ ᠪᠥᠭᠡᠳ ᠮᠣᠩᠭᠣᠯ ᠤᠯᠤᠰ᠂ ᠲᠠᠢᠯᠠᠨᠳ᠋ ᠤᠨ ᠬᠠᠭᠠᠨᠲᠤ ᠤᠯᠤᠰ ᠤᠨ ᠬᠠᠷᠢᠯᠴᠠᠨ ᠣᠢᠯᠠᠭᠠᠯᠴᠠᠯ᠂ ᠵᠡᠷᠭᠡᠴᠡᠨ ᠣᠷᠣᠰᠢᠬᠤᠢ ᠶᠢ ᠪᠡᠯᠭᠡᠳᠡᠨ ᠳᠦᠷᠰᠦᠯᠡᠭᠰᠡᠨ ᠠᠵᠠᠢ᠃
ᠪᠧᠨᠴᠠᠺᠢᠲ᠋ᠲ᠋ᠢ ᠴᠡᠴᠡᠷᠯᠢᠭᠲᠦ ᠬᠦᠷᠢᠶᠡᠯᠡᠩ ᠳᠦ ᠳᠣᠯᠣᠭ᠎ᠠ ᠬᠣᠨᠣᠭ ᠲᠤ 13000-15000 ᠣᠷᠴᠢᠮ ᠬᠦᠮᠦᠨ ᠣᠴᠢᠵᠤ ᠠᠮᠠᠷᠠᠵᠤ᠂ ᠰᠫᠣᠷᠲ ᠢᠶᠠᠷ ᠬᠢᠴᠢᠶᠡᠯᠯᠡᠳᠡᠭ ᠪᠠᠩᠺᠣᠺ ᠬᠣᠲᠠ ᠶᠢᠨ ᠲᠥᠪ ᠬᠡᠰᠡᠭ ᠲᠦ ᠪᠠᠢᠷᠢᠯᠠᠬᠤ ᠲᠣᠮᠣᠬᠠᠨ ᠴᠡᠴᠡᠷᠯᠢᠭᠲᠦ ᠬᠦᠷᠢᠶᠡᠯᠡᠩ ᠦᠨ ᠨᠢᠭᠡ ᠶᠤᠮ᠃ ᠲᠡᠭᠦᠨ ᠦ《ᠤᠬᠠᠮᠰᠠᠷ》ᠪᠦᠲᠦᠭᠡᠯ ᠢ ᠳᠡᠯᠡᠬᠡᠢ ᠶᠢᠨ 192 ᠣᠷᠣᠨ ᠤ ᠪᠦᠲᠦᠭᠡᠯ ᠡᠴᠡ ᠰᠣᠩᠭᠣᠨ᠂ ᠨᠢᠭᠡᠳᠦᠭᠰᠡᠨ ᠦᠨᠳᠦᠰᠦᠨ ᠦ ᠪᠠᠢᠭᠤᠯᠤᠯᠭ᠎ᠠ ᠶᠢᠨ ᠲᠥᠪ ᠪᠠᠢᠷᠢᠨ ᠤ ᠴᠡᠴᠡᠷᠯᠢᠭᠲᠦ ᠬᠦᠷᠢᠶᠡᠯᠡᠩ ᠳᠦ ᠪᠣᠰᠬᠠᠭᠰᠠᠨ ᠪᠢᠯᠡ᠃



