ᠨᠢᠭᠡᠳᠦᠭ᠍ᠰᠡᠨ ᠦᠨᠳᠦᠰᠦᠲᠡᠨ ᠤ ᠪᠠᠢᠭᠤᠯᠤᠯᠭ᠎ᠠ ᠶᠢᠨ ᠡᠳ᠋ ᠦᠨ ᠵᠠᠰᠠᠭ᠂ ᠨᠡᠢᠭᠡᠮ ᠤᠨ ᠵᠥᠪᠯᠡᠯ ᠤᠨ ᠤᠳᠤᠷᠢᠳᠤᠯᠭ᠎ᠠ ᠶᠢᠨ ᠰᠧᠭ᠍ᠮᠧᠨᠲ ᠤᠨ 2026 ᠣᠨ ᠤ ᠳᠥᠷᠪᠡᠳᠦᠭᠡᠷ ᠰᠠᠷ᠎ᠠ ᠶᠢᠨ 8 ᠤ ᠡᠳᠦᠷ ᠦᠨ ᠬᠤᠷᠠᠯᠳᠤᠭᠠᠨ ᠢᠶᠠᠷ ᠮᠣᠩᠭᠣᠯ ᠤᠯᠤᠰ ᠨᠢᠭᠡᠳᠦᠭ᠍ᠰᠡᠨ ᠦᠨᠳᠦᠰᠦᠨ ᠤ ᠪᠠᠢᠭᠤᠯᠤᠯᠭ᠎ᠠ ᠶᠢᠨ ᠰᠲ᠋ᠠᠲ᠋ᠢᠰᠲ᠋ᠢᠺ ᠤᠨ ᠺᠣᠮᠢᠰ ᠤᠨ 2027-2030 ᠣᠨ ᠤ ᠭᠡᠰᠢᠭᠦᠨ ᠢᠶᠡᠷ ᠰᠣᠩᠭᠣᠭᠳᠠᠪᠠ ᠃
ᠨᠢᠭᠡᠳᠦᠭ᠍ᠰᠡᠨ ᠦᠨᠳᠦᠰᠦᠨ ᠤ ᠪᠠᠢᠭᠤᠯᠤᠯᠭ᠎ᠠ ᠶᠢᠨ ᠰᠲ᠋ᠠᠲ᠋ᠢᠰᠲ᠋ᠢᠺ ᠤᠨ ᠺᠣᠮᠢᠰᠰ ᠨᠢ ᠳᠡᠯᠡᠬᠡᠢ ᠶᠢᠨ ᠬᠡᠮᠵᠢᠶᠡᠨ ᠳᠤ ᠠᠯᠪᠠᠨ ᠶᠣᠰᠣᠨ ᠤ ᠰᠲ᠋ᠠᠲ᠋ᠢᠰᠲ᠋ᠢᠺ ᠤᠨ ᠰᠠᠯᠪᠤᠷᠢ ᠶᠢᠨ ᠬᠠᠮᠦᠬ ᠤᠨ ᠲᠡᠭᠡᠳᠦ ᠲᠦᠪᠰᠢᠨ ᠦ ᠰᠢᠢᠳᠪᠦᠷᠢ ᠭᠠᠷᠭᠠᠬᠤ ᠪᠠᠢᠭᠤᠯᠤᠯᠭ᠎ᠠ ᠪᠥᠭᠡᠳ ᠭᠡᠰᠢᠭᠦᠨ ᠣᠷᠣᠨ ᠨᠤᠭᠤᠳ ᠤᠨ ᠰᠲ᠋ᠠᠲ᠋ᠢᠰᠲ᠋ᠢᠺ ᠤᠨ ᠲᠣᠭᠲᠠᠯᠴᠠᠭ᠎ᠠ ᠶᠢ ᠪᠡᠬᠢᠵᠢᠭᠦᠯᠬᠦ᠂ ᠣᠯᠠᠨ ᠤᠯᠤᠰ ᠤᠨ ᠰᠲ᠋ᠡᠨᠳᠡᠷᠲ᠂ ᠠᠩᠭᠢᠯᠠᠯ᠂ ᠠᠷᠭᠠᠴᠢᠯᠠᠯ ᠪᠡᠳᠦᠯᠡᠬᠤ᠂ ᠬᠡᠷᠡᠭ᠍ᠵᠢᠯᠲᠡ ᠶᠢ ᠬᠠᠩᠭᠠᠬᠤ ᠳᠤ ᠴᠢᠬᠤᠯᠠ ᠡᠭᠦᠷᠭᠡ ᠭᠦᠢᠴᠡᠳᠬᠡᠳᠡᠭ ᠃
ᠮᠣᠩᠭᠣᠯ ᠤᠯᠤᠰ ᠲᠤᠰ ᠺᠣᠮᠢᠰ ᠤᠨ ᠭᠡᠰᠢᠭᠦᠨ ᠢᠶᠡᠷ ᠰᠣᠩᠭᠣᠭᠳᠠᠭᠰᠠᠨ ᠢᠶᠠᠷ ᠣᠯᠠᠨ ᠤᠯᠤᠰ ᠤᠨ ᠰᠲ᠋ᠠᠲ᠋ᠢᠰᠲ᠋ᠢᠺ ᠤᠨ ᠪᠣᠳᠤᠯᠭ᠎ᠠ ᠪᠣᠯᠪᠠᠰᠤᠷᠠᠭᠤᠯᠬᠤ ᠦᠢᠯᠡ ᠶᠠᠪᠤᠴᠠ ᠳᠤ ᠢᠳᠡᠪᠬᠢᠲᠡᠢ ᠤᠷᠦᠯᠴᠡᠬᠤ᠂ ᠰᠢᠨ᠎ᠡ ᠰᠲ᠋ᠡᠨᠳᠡᠷᠲ᠂ ᠠᠷᠭᠠᠴᠢᠯᠠᠯ ᠪᠣᠯᠪᠠᠰᠤᠷᠠᠭᠤᠯᠬᠤ ᠳᠤ ᠬᠤᠪᠢ ᠨᠡᠮᠡᠷᠢ ᠣᠷᠣᠭᠤᠯᠬᠤ ᠂ ᠦᠨᠳᠦᠰᠦᠨ ᠤ ᠰᠲ᠋ᠠᠲ᠋ᠢᠰᠲ᠋ᠢᠺ ᠤᠨ ᠰᠢᠰᠲ᠋ᠧᠮ ᠦᠨ ᠬᠥᠭ᠍ᠵᠢᠯ ᠢ ᠣᠯᠠᠨ ᠤᠯᠤᠰ ᠤᠨ ᠲᠦᠪᠰᠢᠨ ᠳᠦ ᠤᠶᠠᠯᠳᠤᠭᠤᠯᠬᠤ ᠂ ᠲᠤᠷᠰᠢᠯᠭ᠎ᠠ ᠰᠣᠯᠢᠯᠴᠠᠬᠤ ᠂ ᠴᠢᠳᠠᠪᠬᠢ ᠪᠡᠬᠢᠵᠢᠭᠦᠯᠬᠦ ᠪᠣᠯᠣᠮᠵᠢ ᠪᠠᠨ ᠥᠷᠭᠡᠵᠢᠭᠦᠯᠬᠦ ᠴᠢᠬᠤᠯᠠ ᠠᠴᠢ ᠬᠣᠯᠪᠣᠭᠳᠠᠯ ᠲᠠᠢ ᠶᠤᠮ ᠃



